ᠢᠰᠠᠢᠶ᠎ᠠ ᠲᠠᠪᠢᠨ ᠬᠣᠶᠠᠷ
1 ᠰᠡᠷᠢ᠂ ᠰᠡᠷᠢ᠂ ᠰᠦᠷ ᠬᠦᠴᠦ ᠪᠡᠨ ᠨᠥᠮᠥᠷ᠂ ᠽᠢᠶᠣᠨ ᠡ ᠦᠵᠡᠰᠬᠦᠯᠡᠩᠲᠦ ᠬᠤᠪᠴᠠᠰᠤ ᠪᠠᠨ ᠡᠮᠦᠰ᠂ ᠠᠷᠢᠭᠤᠨ ᠬᠣᠲᠠ ᠶᠧᠷᠦ᠋ᠰᠠᠯᠧᠮ ᠡ᠂ ᠬᠥᠪᠴᠢᠷᠬᠡᠢ ᠬᠥᠨᠳᠡᠭᠦᠯᠦᠭᠡ ᠦᠭᠡᠢ ᠪᠤᠵᠠᠷ ᠨᠢ ᠳᠠᠬᠢᠨ ᠴᠢᠨᠦ ᠳᠣᠲᠣᠷ᠎ᠠ ᠢᠷᠡᠬᠦ ᠦᠭᠡᠢ᠃
2 ᠶᠧᠷᠦ᠋ᠰᠠᠯᠧᠮ ᠡ᠂ ᠪᠣᠰ᠂ ᠲᠣᠭᠣᠰᠣ ᠪᠠᠨ ᠭᠦᠪᠢᠵᠦ᠂ ᠰᠢᠷᠡᠭᠡᠨ ᠳᠦ ᠰᠠᠭᠤ ᠣᠯᠵᠠᠯᠠᠭᠳᠠᠭᠰᠠᠨ ᠽᠢᠶᠣᠨ ᠥᠬᠢᠨ ᠡ᠂ ᠬᠦᠵᠦᠭᠦᠨ ᠳᠠᠬᠢ ᠭᠢᠨᠵᠢ ᠪᠠᠨ ᠲᠠᠢᠯ᠃
3 ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠦᠨ᠎ᠡ ᠦᠭᠡᠢ ᠪᠠᠷ ᠬᠤᠳᠠᠯᠳᠤᠭᠳᠠᠭᠰᠠᠨ᠂ ᠮᠥᠩᠭᠥ ᠦᠭᠡᠢ ᠪᠠᠷ ᠵᠣᠯᠢᠭᠳᠠᠨᠠ᠂》 4 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠮᠢᠨᠦ ᠠᠷᠠᠳ ᠲᠦᠮᠡᠨ ᠠᠩ᠋ᠬᠠᠨ ᠳᠠᠭᠠᠨ ᠶᠧᠵᠢᠫᠲ ᠤᠷᠤᠭᠤ ᠶᠠᠪᠤᠵᠤ ᠲᠡᠨᠳᠡ ᠴᠠᠭᠠᠴᠢᠯᠠᠭᠰᠠᠨ᠂ ᠠᠰᠢᠷᠢᠶᠠᠴᠤᠳ ᠰᠢᠯᠲᠠᠭᠠᠨ ᠦᠭᠡᠢ ᠪᠠᠷ ᠲᠡᠳᠡᠨ ᠢ ᠳᠠᠷᠤᠯᠠᠪᠠ᠃》 5 ᠶᠣᠬᠣᠸᠠ ᠠᠢᠯᠠᠳᠴᠤ ᠪᠠᠢᠨ᠎ᠠ᠂ 《ᠠᠷᠠᠳ ᠲᠦᠮᠡᠨ ᠮᠢᠨᠢ ᠦᠨ᠎ᠡ ᠦᠭᠡᠢ ᠪᠠᠷ ᠠᠪᠠᠴᠢᠭᠳᠠᠭᠰᠠᠨ᠂ ᠣᠳᠣ ᠪᠢ ᠡ᠊ᠨᠳᠡ ᠶᠠᠭᠤ ᠬᠢᠬᠦ ᠪᠤᠢ︖ ᠶᠣᠬᠣᠸᠠ ᠠᠢᠯᠠᠳᠴᠤ ᠪᠠᠢᠨ᠎ᠠ᠂ ᠲᠡᠳᠡᠨ ᠦ ᠵᠠᠬᠢᠷᠤᠭᠴᠢᠳ ᠱᠤᠤᠭᠢᠯᠳᠤᠵᠤ ᠪᠠᠢᠨ᠎ᠠ᠂ ᠨᠡᠷ᠎ᠡ ᠮᠢᠨᠢ ᠡᠳᠦᠷᠵᠢᠨ ᠳᠣᠷᠣᠮᠵᠢᠯᠠᠭᠳᠠᠵᠤ ᠪᠠᠢᠨ᠎ᠠ᠃》 6 《ᠲᠡᠢᠮᠦ ᠡᠴᠡ ᠠᠷᠠᠳ ᠲᠦᠮᠡᠨ ᠮᠢᠨᠢ ᠮᠢᠨᠦ ᠨᠡᠷ᠎ᠡ ᠶᠢ ᠮᠡᠳᠡᠬᠦ ᠪᠣᠯᠣᠨ᠎ᠠ᠃ ᠲᠡᠢᠮᠦ ᠡᠴᠡ ᠲᠡᠷᠡ ᠡᠳᠦᠷ ᠲᠡᠳᠡ ᠨᠠᠮᠠᠶᠢ 〈ᠬᠠᠷ᠎ᠠ᠂ ᠪᠢ ᠡ᠊ᠨᠳᠡ ᠪᠠᠢᠨ᠎ᠠ〉 ᠭᠡᠵᠦ ᠠᠢᠯᠠᠳᠤᠭᠴᠢ ᠮᠥᠨ ᠭᠡᠳᠡᠭ ᠢ ᠮᠡᠳᠡᠬᠦ ᠪᠣᠯᠣᠨ᠎ᠠ᠃》
7 ᠮᠡᠳᠡᠭᠡ ᠠᠪᠴᠢᠷᠠᠭᠠᠳ ᠠᠮᠤᠷ ᠠᠮᠤᠭᠤᠯᠠᠩ ᠢ ᠰᠣᠨᠣᠰᠬᠠᠭᠴᠢ ᠪᠠᠶᠠᠷ ᠤᠨ ᠮᠡᠳᠡᠭᠡ ᠠᠪᠴᠢᠷᠠᠵᠤ ᠠᠪᠤᠷᠠᠯ ᠢ ᠰᠣᠨᠣᠰᠬᠠᠭᠴᠢ 《ᠴᠢᠨᠦ ᠪᠤᠷᠬᠠᠨ ᠬᠠᠭᠠᠨᠴᠢᠯᠠᠬᠤ ᠪᠣᠯᠣᠯ᠎ᠠ》 ᠭᠡᠵᠦ ᠽᠢᠶᠣᠨ ᠳᠤ ᠬᠡᠯᠡᠭᠴᠢ ᠶᠢᠨ ᠠᠭᠤᠯᠠᠰ ᠤᠨ ᠳᠡᠭᠡᠭᠦᠷ ᠶᠠᠪᠤᠬᠤ ᠬᠥᠯ ᠶᠠᠭᠤᠲᠠᠢ ᠰᠠᠢᠬᠠᠨ ᠪᠤᠢ︖
8 ᠬᠠᠷᠠᠭᠤᠯ ᠤᠳ ᠴᠢᠨᠢ ᠳᠠᠭᠤ ᠪᠠᠨ ᠥᠨᠳᠥᠷᠰᠡᠭᠡᠯᠡ ᠬᠠᠮᠲᠤ ᠳᠠᠭᠠᠨ ᠲᠡᠳᠡ ᠪᠠᠶᠠᠷ ᠤᠨ ᠳᠠᠭᠤᠤ ᠳᠠᠭᠤᠯᠠᠨ᠎ᠠ᠂ ᠶᠣᠬᠣᠸᠠ ᠽᠢᠶᠣᠨ ᠤᠷᠤᠭᠤ ᠪᠤᠴᠠᠵᠤ ᠢᠷᠡᠬᠦ ᠳᠦ ᠡᠭᠦᠨ ᠢ ᠥᠪᠡᠷ ᠥᠪᠡᠷ ᠦᠨ ᠢᠶᠠᠨ ᠨᠢᠳᠦ ᠪᠡᠷ ᠦᠵᠡᠬᠦ ᠪᠣᠯᠣᠨ᠎ᠠ᠃
9 ᠶᠧᠷᠦ᠋ᠰᠠᠯᠧᠮ ᠤᠨ ᠡᠵᠡᠭᠦᠢ ᠭᠠᠵᠠᠷ ᠤᠳ ᠡ᠂ ᠬᠠᠮᠲᠤ ᠳᠠᠭᠠᠨ ᠪᠠᠶᠠᠷ ᠤᠨ ᠳᠠᠭᠤᠤ ᠪᠠᠨ ᠡᠷᠭᠦᠭᠲᠦᠨ᠂ ᠶᠣᠬᠣᠸᠠ ᠠᠷᠠᠳ ᠲᠦᠮᠡᠨ ᠢᠶᠡᠨ ᠲᠠᠢᠪᠤᠰᠢᠷᠠᠭᠤᠯᠤᠭᠰᠠᠨ ᠶᠧᠷᠦ᠋ᠰᠠᠯᠧᠮ ᠢ ᠵᠣᠯᠢᠵᠤ ᠠᠪᠤᠭᠰᠠᠨ᠃
10 ᠬᠠᠮᠤᠭ ᠦᠨᠳᠦᠰᠦᠲᠡᠨ ᠦ ᠨᠢᠳᠦᠨ ᠳᠡᠭᠡᠷ᠎ᠡ ᠶᠣᠬᠣᠸᠠ ᠠᠷᠢᠭᠤᠨ ᠮᠤᠲᠤᠷ ᠢᠶᠠᠨ ᠢᠯᠡ ᠭᠠᠷᠭᠠᠨ᠎ᠠ ᠭᠠᠵᠠᠷ ᠤᠨ ᠪᠦᠬᠦ ᠬᠢᠵᠠᠭᠠᠷ ᠪᠢᠳᠡᠨ ᠦ ᠪᠤᠷᠬᠠᠨ ᠤ ᠠᠪᠤᠷᠠᠯ ᠢ ᠬᠠᠷᠠᠨ᠎ᠠ᠃
11 ᠶᠠᠪᠤ᠂ ᠶᠠᠪᠤ᠂ ᠲᠡᠨᠳᠡ ᠡᠴᠡ ᠭᠠᠷ ᠪᠤᠵᠠᠷ ᠲᠤ ᠪᠦᠦ ᠬᠦᠷ ᠲᠡᠷᠡ ᠳᠤᠮᠳᠠ ᠠᠴᠠ ᠰᠠᠯᠵᠤ᠂ ᠴᠡᠪᠡᠷ ᠪᠠᠢ ᠶᠣᠬᠣᠸᠠ ᠶᠢᠨ ᠰᠠᠪᠠ ᠨᠤᠭᠤᠳ ᠢ ᠡᠭᠦᠷᠦᠭᠴᠢᠳ ᠡ᠂
12 ᠬᠠᠷᠢᠨ ᠶᠠᠭᠠᠷᠠᠯᠲᠠᠢ ᠭᠠᠷᠬᠤ ᠬᠡᠷᠡᠭ ᠦᠭᠡᠢ ᠳᠦᠷᠪᠡᠭᠰᠡᠳ ᠮᠡᠲᠦ ᠶᠠᠪᠤᠬᠤ ᠬᠡᠷᠡᠭ ᠦᠭᠡᠢ ᠶᠣᠬᠣᠸᠠ ᠲᠠ ᠨᠠᠷ ᠤᠨ ᠡᠮᠦᠨ᠎ᠡ ᠶᠠᠪᠤᠨ᠎ᠠ᠂ ᠢᠰᠷᠧᠯ ᠤᠨ ᠪᠤᠷᠬᠠᠨ ᠠᠷᠤ ᠲᠠᠯ᠎ᠠ ᠶᠢ ᠴᠢᠨᠢ ᠬᠠᠮᠠᠭᠠᠯᠠᠨ᠎ᠠ᠃
ᠮᠧᠰᠢᠶ᠎ᠠ ᠶᠢᠨ ᠡᠳ᠋ᠯᠡᠬᠦ ᠵᠣᠪᠠᠯᠠᠩ ᠪᠠ ᠡᠷᠭᠦᠮᠵᠢᠯᠡᠯ
13 ᠬᠠᠷ᠎ᠠ᠂ ᠵᠠᠷᠤᠴᠠ ᠮᠢᠨᠢ ᠮᠡᠷᠭᠡᠨ ᠢᠶᠡᠷ ᠦᠢᠯᠡᠳᠦᠨ᠎ᠡ 21 ᠲᠡᠷᠡ ᠳᠡᠭᠡᠭᠰᠢᠯᠡᠨ ᠡᠷᠭᠦᠮᠵᠢᠯᠡᠭᠳᠡᠵᠦ᠂ ᠮᠠᠰᠢ ᠶᠡᠬᠡ ᠳᠡᠭᠡᠳᠦᠯᠡᠭᠳᠡᠨ᠎ᠡ᠃
14 ᠲᠡᠭᠦᠨ ᠡᠴᠡ 22 ᠪᠣᠯᠵᠤ᠂ ᠣᠯᠠᠨ ᠨᠢ ᠰᠣᠴᠢᠪᠠ᠃ ᠲᠡᠭᠦᠨ ᠦ ᠲᠥᠷᠬᠥ ᠠᠯᠢᠪᠠ ᠬᠥᠮᠦᠨ ᠦ ᠬᠢ ᠡᠴᠡ ᠲᠡᠭᠦᠨ ᠦ ᠳᠦᠷᠰᠦ ᠬᠥᠮᠦᠨ ᠦ ᠦᠷᠡᠰ ᠦᠨ ᠬᠢ ᠡᠴᠡ ᠢᠯᠡᠭᠦᠦ ᠪᠡᠷ ᠡᠪᠳᠡᠷᠡᠭᠰᠡᠨ ᠠᠵᠢ᠃
15 ᠲᠡᠢᠨ ᠬᠦ ᠲᠡᠷᠡ ᠣᠯᠠᠨ ᠦᠨᠳᠦᠰᠦᠲᠡᠨ ᠦ ᠳᠡᠭᠡᠷ᠎ᠡ ᠰᠦᠷᠴᠢᠨ᠎ᠡ ᠲᠡᠭᠦᠨ ᠡᠴᠡ ᠪᠣᠯᠵᠤ ᠬᠠᠭᠠᠳ ᠠᠮᠠ ᠪᠠᠨ ᠬᠠᠮᠬᠢᠨᠠ ᠤᠴᠢᠷ ᠨᠢ ᠥᠪᠡᠷᠰᠡᠳ ᠲᠤᠨᠢ ᠬᠡᠯᠡᠭᠡ ᠦᠭᠡᠢ ᠶᠢ ᠲᠡᠳᠡ ᠬᠠᠷᠠᠵᠤ ᠥᠪᠡᠷᠰᠡᠳ ᠲᠤᠨᠢ ᠰᠣᠨᠣᠰᠬᠠᠭᠠ ᠦᠭᠡᠢ ᠶᠢ ᠲᠡᠳᠡ ᠤᠬᠠᠭᠠᠷᠠᠨ᠎ᠠ᠃