ᠢᠰᠠᠢᠶ᠎ᠠ ᠬᠣᠷᠢᠨ ᠬᠣᠶᠠᠷ
ᠶᠧᠷᠦ᠋ᠰᠠᠯᠧᠮ ᠤᠨ ᠲᠠᠯ᠎ᠠ ᠪᠠᠷ ᠬᠢ ᠡᠰᠢ ᠦᠵᠡᠭᠦᠯᠦᠯᠭᠡ
1 ᠦᠵᠡᠭᠳᠡᠯ ᠦᠨ ᠬᠥᠨᠳᠡᠢ ᠶᠢᠨ ᠲᠤᠬᠠᠢ ᠰᠡᠷᠡᠮᠵᠢᠯᠡᠭᠦᠯᠦᠯᠭᠡ᠄ ᠲᠠ ᠨᠠᠷ ᠲᠤ ᠶᠠᠭᠤ ᠲᠣᠬᠢᠶᠠᠯᠳᠤᠭᠠᠳ ᠪᠦᠭᠦᠳᠡᠭᠡᠷ ᠢᠶᠡᠨ ᠳᠡᠭᠡᠪᠦᠷ ᠳᠡᠭᠡᠷ᠎ᠡ ᠭᠠᠷᠪᠠ︖
2 ᠱᠤᠤᠭᠢᠶᠠᠨ᠂ ᠳᠡᠪᠵᠢᠶᠡᠨ ᠶᠡᠬᠡᠲᠡᠢ ᠬᠣᠲᠠ᠂ ᠨᠠᠢᠷ ᠴᠡᠩᠭᠡᠯ ᠲᠡᠢ ᠲᠣᠰᠬᠣᠨ ᠡ ᠠᠯᠠᠭᠳᠠᠭᠰᠠᠳ ᠴᠢᠨᠢ ᠰᠡᠯᠡᠮ᠎ᠡ ᠳᠦ ᠠᠯᠠᠭᠳᠠᠭᠰᠠᠨ ᠪᠢᠰᠢ᠂ ᠳᠠᠢᠨ ᠳᠤ ᠦᠷᠡᠭᠳᠡᠭᠰᠡᠨ ᠴᠤ ᠪᠢᠰᠢ
3 ᠬᠠᠮᠤᠭ ᠤᠳᠤᠷᠢᠳᠤᠭᠴᠢᠳ ᠴᠢᠨᠢ ᠬᠠᠮᠲᠤ ᠳᠠᠭᠠᠨ ᠵᠢᠭᠤᠲᠠᠵᠤ ᠬᠠᠷᠪᠤᠬᠤ ᠴᠤ ᠦᠭᠡᠢ ᠪᠠᠷ ᠣᠯᠵᠠᠯᠠᠭᠳᠠᠪᠠ ᠬᠣᠯᠠ ᠵᠢᠭᠤᠲᠠᠭᠰᠠᠨ ᠴᠤ ᠪᠠᠷᠢᠭᠳᠠᠨ᠂ ᠪᠦᠭᠦᠳᠡ ᠣᠯᠵᠠᠯᠠᠭᠳᠠᠭᠴᠢ ᠪᠣᠯᠪᠠ᠃
4 ᠲᠡᠢᠮᠦ ᠡᠴᠡ ᠪᠢ᠄ 《ᠬᠠᠷᠠᠴᠠ ᠪᠠᠨ ᠨᠠᠳᠠ ᠠᠴᠠ ᠰᠢᠯᠵᠢᠭᠦᠯ᠂ ᠪᠢ ᠭᠠᠰᠢᠭᠤᠳᠠᠨ ᠤᠬᠢᠯᠠᠶ᠎ᠠ ᠥᠬᠢᠨ ᠠᠷᠠᠳ ᠲᠦᠮᠡᠨ ᠦ ᠮᠢᠨᠢ ᠰᠦᠢᠷᠡᠯ ᠦᠨ ᠲᠠᠯ᠎ᠠ ᠪᠠᠷ ᠨᠠᠮᠠᠶᠢ ᠲᠠᠢᠪᠤᠰᠢᠷᠠᠭᠤᠯᠬᠤ ᠭᠡᠵᠦ ᠪᠦᠦ ᠣᠷᠣᠯᠳᠤ》 ᠭᠡᠪᠡ᠃
5 ᠤᠴᠢᠷ ᠨᠢ ᠦᠵᠡᠭᠳᠡᠯ ᠦᠨ ᠬᠥᠨᠳᠡᠢ ᠳᠦ ᠪᠣᠯᠬᠤ ᠪᠠᠯᠠᠮᠠᠭᠳᠠᠯ᠂ ᠭᠢᠰᠬᠢᠯᠡᠯ᠂ ᠦᠢᠮᠡᠭᠡᠨ ᠦ ᠡᠳᠦᠷ ᠪᠤᠶᠤ ᠬᠡᠷᠡᠮ ᠨᠤᠷᠠᠵᠤ᠂ ᠠᠭᠤᠯᠠᠰ ᠲᠤ ᠬᠠᠰᠬᠢᠷᠤᠭᠠᠨ ᠨᠦᠷᠬᠢᠯᠡᠬᠦ ᠡᠳᠦᠷ ᠠᠤᠭ᠎ᠠ ᠬᠦᠴᠦᠲᠦ ᠶᠣᠬᠣᠸᠠ ᠶᠢᠨ ᠬᠢ᠃
6 ᠡᠯᠠᠮᠴᠤᠳ ᠲᠡᠷᠭᠡᠴᠢᠳ ᠪᠠ ᠮᠣᠷᠢᠲᠠᠳ ᠤᠨ ᠬᠠᠮᠲᠤ ᠰᠠᠭᠠᠳᠠᠭ ᠢᠶᠠᠨ ᠠᠭᠰᠠᠪᠠ ᠺᠢᠷᠴᠦᠳ ᠪᠠᠮᠪᠠᠢ ᠪᠠᠨ ᠢᠯᠡ ᠭᠠᠷᠭᠠᠪᠠ᠃
7 ᠦᠵᠡᠰᠬᠦᠯᠡᠩᠲᠦ ᠬᠥᠨᠳᠡᠢ ᠳᠦ ᠴᠢᠨᠢ ᠲᠡᠷᠭᠡ ᠨᠦᠭᠦᠳ ᠳᠦᠭᠦᠷᠴᠦ ᠬᠣᠲᠠ ᠶᠢᠨ ᠬᠠᠭᠠᠯᠭ᠎ᠠ ᠨᠤᠭᠤᠳ ᠳᠡᠭᠡᠷ᠎ᠡ ᠮᠣᠷᠢᠲᠠᠳ ᠵᠢᠭᠰᠠᠨ᠎ᠠ᠃
8 ᠲᠡᠷᠡ ᠪᠡᠷ ᠶᠦᠳᠠ ᠶᠢᠨ ᠬᠠᠯᠬᠠᠪᠴᠢ ᠶᠢ ᠵᠠᠢᠯᠠᠭᠤᠯᠪᠠ ᠲᠡᠷᠡ ᠡᠳᠦᠷ ᠲᠠ ᠨᠠᠷ ᠣᠢ ᠶᠢᠨ ᠣᠷᠳᠣᠨ 12 ᠳᠠᠬᠢ ᠵᠡᠪᠰᠡᠭ ᠢᠶᠡᠨ ᠬᠠᠢᠵᠤ
9 ᠳ᠋ᠠᠸᠢᠳ᠋ ᠤᠨ ᠬᠣᠲᠠ ᠶᠢᠨ ᠴᠥᠮᠥᠷᠬᠡᠢ ᠣᠯᠠᠨ ᠪᠠᠢᠭ᠎ᠠ ᠶᠢ ᠬᠠᠷᠠᠵᠤ ᠳᠣᠣᠷᠠᠳᠤ ᠴᠥᠭᠥᠷᠥᠮ ᠦᠨ ᠤᠰᠤ ᠶᠢ ᠬᠤᠷᠢᠶᠠᠨ
10 ᠶᠧᠷᠦ᠋ᠰᠠᠯᠧᠮ ᠤᠨ ᠭᠡᠷ ᠤᠳ ᠢ ᠲᠣᠭᠠᠯᠠᠵᠤ ᠪᠠᠢᠰᠢᠩ ᠤᠳ ᠢ ᠨᠤᠷᠠᠭᠠᠵᠤ ᠬᠡᠷᠡᠮ ᠢ ᠪᠡᠬᠢᠯᠡᠨ
11 ᠬᠠᠭᠤᠴᠢᠨ ᠴᠥᠭᠥᠷᠥᠮ ᠦᠨ ᠤᠰᠤ ᠶᠢ ᠨᠥᠭᠡᠴᠡᠯᠡᠬᠦ ᠭᠡᠵᠦ ᠬᠣᠶᠠᠷ ᠬᠡᠷᠡᠮ ᠦᠨ ᠬᠣᠭᠣᠷᠣᠨᠳᠣ ᠤᠰᠤᠨ ᠰᠠᠩ ᠪᠠᠷᠢᠵᠠᠢ᠂ ᠬᠠᠷᠢᠨ ᠲᠠ ᠨᠠᠷ ᠲᠡᠢᠨ ᠬᠦ ᠦᠢᠯᠡᠳᠦᠭᠰᠡᠨ ᠨᠢᠭᠡᠨ ᠢ ᠬᠠᠢᠭᠰᠠᠨ ᠦᠭᠡᠢ ᠲᠡᠢᠨ ᠬᠦ ᠥᠨᠢ ᠡᠷᠲᠡ ᠲᠥᠯᠥᠪᠯᠡᠭᠰᠡᠨ ᠨᠢᠭᠡᠨ ᠢ ᠬᠠᠷᠠᠭᠰᠠᠨ ᠦᠭᠡᠢ᠃
12 ᠲᠡᠷᠡ ᠡᠳᠦᠷ ᠠᠤᠭ᠎ᠠ ᠬᠦᠴᠦᠲᠦ ᠡᠵᠡᠨ ᠶᠣᠬᠣᠸᠠ᠄ 《ᠲᠠ ᠨᠠᠷ ᠭᠠᠰᠢᠭᠤᠳᠠᠨ ᠤᠬᠢᠯᠠᠵᠤ᠂ ᠦᠰᠦ ᠪᠡᠨ ᠬᠤᠰᠤᠨ ᠲᠠᠭᠠᠷ ᠨᠥᠮᠥᠷ》 ᠭᠡᠵᠦ ᠵᠠᠬᠢᠭᠰᠠᠨ᠂
13 ᠬᠠᠷ᠎ᠠ᠂ ᠬᠠᠷᠢᠨ ᠲᠠ ᠨᠠᠷ ᠪᠠᠶᠠᠷᠯᠠᠨ ᠴᠡᠩᠭᠡᠵᠦ᠂ ᠦᠬᠡᠷ ᠨᠢᠲᠤᠯᠵᠤ᠂ ᠬᠣᠨᠢ ᠭᠠᠷᠭᠠᠨ᠂ ᠮᠢᠬ᠎ᠠ ᠢᠳᠡᠵᠦ᠂ ᠳᠠᠷᠠᠰᠤ ᠤᠤᠭᠤᠨ 《ᠮᠠᠷᠭᠠᠰᠢ ᠦᠬᠦᠨ᠎ᠡ᠂ ᠢᠳᠡᠵᠦ ᠤᠤᠭᠤᠵᠠᠭᠠᠶ᠎ᠠ︕》 ᠭᠡᠨ᠎ᠡ᠃
14 ᠲᠡᠢᠮᠦ ᠡᠴᠡ ᠠᠤᠭ᠎ᠠ ᠬᠦᠴᠦᠲᠦ ᠶᠣᠬᠣᠸᠠ ᠴᠢᠬᠢᠨ ᠳᠤ ᠮᠢᠨᠢ ᠢᠯᠡᠷᠬᠡᠶᠢᠯᠡᠵᠦ᠄ 《ᠴᠢᠮᠠᠶᠢ ᠦᠬᠦᠲᠡᠯ᠎ᠡ ᠡᠨᠡ ᠨᠢᠭᠦᠯ ᠶᠡᠷᠦ ᠬᠡᠯᠲᠦᠷᠢᠭᠦᠯᠦᠭᠳᠡᠬᠦ ᠦᠭᠡᠢ》 ᠭᠡᠪᠡ᠂ ᠠᠤᠭ᠎ᠠ ᠬᠦᠴᠦᠲᠦ ᠡᠵᠡᠨ ᠶᠣᠬᠣᠸᠠ ᠠᠢᠯᠠᠳᠤᠯ᠎ᠠ᠃
15 ᠠᠤᠭ᠎ᠠ ᠬᠦᠴᠦᠲᠦ ᠡᠵᠡᠨ ᠶᠣᠬᠣᠸᠠ ᠡᠢᠨ ᠬᠦ ᠠᠢᠯᠠᠳᠪᠠ᠄ 《ᠴᠢ ᠣᠷᠳᠣᠨ ᠤ ᠳᠠᠭᠠᠭᠠᠮᠠᠯ ᠱᠧᠪᠨᠠ ᠳᠤ ᠣᠴᠢᠵᠤ ᠶᠠᠷᠢ᠄
16 〈ᠴᠢ ᠡ᠊ᠨᠳᠡ ᠶᠠᠭᠤ ᠬᠢᠵᠦ ᠪᠠᠢᠭ᠎ᠠ ᠪᠤᠢ︖ ᠴᠢ ᠡ᠊ᠨᠳᠡ ᠬᠡᠨ ᠦ ᠵᠥᠪᠰᠢᠶᠡᠷᠡᠯ ᠢᠶᠡᠷ ᠥᠪᠡᠷ ᠦᠨ ᠢᠶᠠᠨ ᠲᠥᠯᠥᠭᠡ ᠪᠤᠯᠠᠰᠢ ᠪᠠᠷᠢᠪᠠ︖ ᠴᠢ ᠥᠨᠳᠥᠷᠯᠢᠭ ᠳᠡᠭᠡᠷ᠎ᠡ ᠪᠤᠯᠠᠰᠢ ᠪᠠᠨ ᠪᠠᠷᠢᠵᠤ ᠬᠠᠳᠠᠨ ᠳᠣᠲᠣᠷ᠎ᠠ ᠠᠮᠠᠷᠠᠬᠤ ᠭᠠᠵᠠᠷ ᠢᠶᠠᠨ ᠮᠠᠯᠲᠠᠵᠤ ᠪᠠᠢᠨ᠎ᠠ᠂
17 ᠠᠩ᠋ᠬᠠᠷᠤᠭᠲᠤᠨ᠂ ᠠᠨᠳᠠ ᠮᠢᠨᠢ︕ ᠶᠣᠬᠣᠸᠠ ᠴᠢᠮᠠᠶᠢ ᠴᠢᠩᠭ᠍᠎ᠠ ᠪᠠᠵᠠᠵᠤ ᠴᠢᠮᠠᠶᠢ ᠴᠢᠯᠠᠭᠤᠳᠠᠨ ᠬᠠᠶᠠᠬᠤ ᠭᠡᠵᠦ ᠪᠠᠢᠨ᠎ᠠ᠃
18 ᠴᠢᠮᠠᠶᠢ ᠪᠥᠮᠪᠥᠭᠡ ᠰᠢᠭ ᠬᠤᠷᠳᠤᠨ ᠪᠥᠮᠪᠥᠷᠢᠭᠦᠯᠵᠦ ᠠᠭᠤᠳᠠᠮ ᠨᠤᠲᠤᠭ ᠤᠷᠤᠭᠤ ᠥᠩᠬᠥᠷᠢᠭᠦᠯᠦᠨᠡ ᠡᠵᠡᠨ ᠦ ᠪᠠᠨ ᠭᠡᠷ ᠦᠨ ᠢᠴᠢᠭᠦᠷᠢ ᠴᠢ ᠲᠡᠨᠳᠡ ᠦᠬᠦᠵᠦ ᠲᠠᠩᠰᠤᠭ ᠲᠡᠷᠭᠡ ᠴᠢᠨᠢ ᠲᠡᠨᠳᠡ ᠦᠯᠡᠳᠡᠨ᠎ᠡ᠃〉
19 ᠪᠢ ᠴᠢᠮᠠᠶᠢ ᠠᠯᠪᠠᠨ ᠠᠴᠠ ᠴᠢᠨᠢ ᠬᠥᠭᠡᠭᠡᠨ᠎ᠡ ᠪᠢ ᠴᠢᠮᠠᠶᠢ ᠪᠠᠢᠷᠢ ᠡᠴᠡ ᠴᠢᠨᠢ ᠬᠠᠯᠠᠨ᠎ᠠ᠃
20 ᠲᠡᠷᠡ ᠡᠳᠦᠷ ᠪᠢ ᠾᠢᠯᠺᠢᠶ᠎ᠠ ᠶᠢᠨ ᠬᠦᠦ᠂ ᠵᠠᠷᠤᠴᠠ ᠡᠯᠢᠶᠠᠺᠢᠮ ᠢᠶᠠᠨ ᠳᠠᠭᠤᠳᠠᠨ᠎ᠠ᠃
21 ᠪᠢ ᠬᠤᠪᠴᠠᠰᠤ ᠶᠢ ᠴᠢᠨᠢ ᠲᠡᠭᠦᠨ ᠳᠦ ᠡᠮᠦᠰᠬᠡᠵᠦ ᠪᠦᠰᠡ ᠶᠢ ᠴᠢᠨᠢ ᠲᠡᠭᠦᠨ ᠳᠦ ᠪᠦᠰᠡᠯᠡᠭᠦᠯᠦᠨ ᠡᠷᠬᠡ ᠶᠢ ᠴᠢᠨᠢ ᠲᠡᠭᠦᠨ ᠳᠦ ᠭᠠᠷᠳᠠᠭᠤᠯᠤᠨ᠎ᠠ ᠲᠡᠷᠡ ᠪᠡᠷ ᠶᠧᠷᠦ᠋ᠰᠠᠯᠧᠮ ᠤᠨ ᠰᠠᠭᠤᠭᠠᠯᠢᠴᠢᠳ ᠶᠦᠳᠠ ᠶᠢᠨ ᠭᠡᠷ ᠦᠨ ᠬᠢᠨ ᠤ ᠡᠴᠢᠭᠡ ᠪᠣᠯᠣᠨ᠎ᠠ᠃
22 ᠲᠡᠭᠦᠨ ᠦ ᠮᠥᠷᠥᠨ ᠳᠡᠭᠡᠷ᠎ᠡ ᠪᠢ ᠳ᠋ᠠᠸᠢᠳ᠋ ᠤᠨ ᠭᠡᠷ ᠦᠨ ᠲᠦᠯᠬᠢᠭᠦᠷ ᠢ ᠲᠠᠯᠪᠢᠨ᠎ᠠ ᠨᠡᠭᠡᠭᠡᠬᠦ ᠳᠦᠨᠢ ᠬᠠᠭᠠᠰᠢ ᠦᠭᠡᠢ ᠬᠠᠭᠠᠬᠤ ᠳᠤᠨᠢ ᠨᠡᠭᠡᠭᠡᠰᠢ ᠦᠭᠡᠢ ᠪᠣᠯᠣᠨ᠎ᠠ᠃
23 ᠬᠠᠲᠠᠭᠤ ᠭᠠᠵᠠᠷ ᠲᠤ ᠬᠠᠳᠠᠭᠠᠰᠤ ᠰᠢᠭᠠᠬᠤ ᠰᠢᠭ᠋ ᠪᠢ ᠲᠡᠭᠦᠨ ᠢ ᠪᠠᠲᠤᠵᠢᠭᠤᠯᠤᠨ᠎ᠠ᠂ ᠡᠴᠢᠭᠡ ᠶᠢᠨ ᠢᠶᠠᠨ ᠭᠡᠷ ᠦᠨ ᠲᠥᠯᠥᠭᠡ ᠲᠡᠷᠡ ᠠᠯᠳᠠᠷ ᠬᠦᠨᠳᠦ ᠶᠢᠨ ᠰᠡᠨᠲᠢ ᠪᠣᠯᠬᠤ ᠶᠤᠮ᠃
24 ᠡᠴᠢᠭᠡ ᠶᠢᠨ ᠬᠢᠨᠢ ᠪᠦᠬᠦ ᠠᠯᠳᠠᠷ ᠬᠦᠨᠳᠦ ᠲᠡᠭᠦᠨ ᠳᠡᠭᠡᠷ᠎ᠡ ᠡᠯᠭᠦᠭᠳᠡᠨᠡ᠂ ᠦᠷ᠎ᠡ ᠬᠣᠢᠴᠢ ᠪᠤᠶᠤ ᠠᠶᠠᠭᠠᠨ ᠠᠴᠠ ᠸᠠᠭᠠᠷ ᠰᠠᠪᠠ ᠬᠦᠷᠲᠡᠯᠡᠬᠢ ᠵᠢᠵᠢᠭ ᠰᠠᠵᠢᠭ ᠰᠠᠪᠠ ᠨᠢ ᠴᠤ ᠪᠦᠭᠦᠳᠡᠭᠡᠷ ᠢᠶᠡᠨ ᠲᠡᠭᠦᠨ ᠦ ᠳᠡᠭᠡᠷ᠎ᠡ ᠡᠯᠭᠦᠭᠳᠡᠨᠡ᠃ 25 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠲᠡᠷᠡ ᠡᠳᠦᠷ ᠬᠠᠲᠠᠭᠤ ᠭᠠᠵᠠᠷ ᠲᠤ ᠰᠢᠭᠠᠭᠰᠠᠨ ᠬᠠᠳᠠᠭᠠᠰᠤ ᠮᠠᠭᠤᠳᠠᠨ᠎ᠠ᠂ ᠬᠤᠭᠤᠷᠠᠵᠤ ᠤᠨᠠᠬᠤ ᠳᠤᠨᠢ ᠡᠯᠭᠦᠭᠰᠡᠨ ᠪᠦᠭᠦᠳᠡ ᠨᠢ ᠬᠠᠭᠠᠷᠠᠵᠤ ᠪᠤᠲᠠᠷᠠᠨ᠎ᠠ᠂〉 ᠶᠣᠬᠣᠸᠠ ᠡᠢᠨ ᠬᠦ ᠠᠢᠯᠠᠳᠪᠠ᠃》