ᠢᠰᠠᠢᠶ᠎ᠠ ᠭᠤᠴᠢᠨ ᠭᠤᠷᠪᠠ
ᠡᠵᠡᠨ ᠡᠴᠡ ᠡᠮᠢᠶᠡᠬᠦᠢ ᠨᠢ ᠡᠷᠳᠡᠨᠢ
1 ᠴᠢ ᠭᠠᠰᠠᠯᠠᠩᠲᠠᠶ᠎ᠠ᠂ ᠥᠪᠡᠷ ᠢᠶᠡᠨ ᠳᠡᠭᠡᠷᠡᠮᠳᠡᠭᠦᠯᠦᠭᠡ ᠦᠭᠡᠢ ᠠᠲᠠᠯ᠎ᠠ ᠳᠡᠭᠡᠷᠡᠮᠳᠡᠭᠴᠢ ᠥᠪᠡᠷ ᠡᠴᠡ ᠨᠢ ᠤᠷᠪᠠᠭ᠎ᠠ ᠦᠭᠡᠢ ᠠᠲᠠᠯ᠎ᠠ ᠤᠷᠪᠠᠭᠴᠢ ᠴᠢ᠂ ᠳᠡᠭᠡᠷᠡᠮᠳᠡᠵᠦ ᠳᠠᠭᠤᠰᠪᠠᠯ ᠥᠪᠡᠷ ᠢᠶᠡᠨ ᠳᠡᠭᠡᠷᠡᠮᠳᠡᠭᠳᠡᠨᠡ ᠤᠷᠪᠠᠵᠤ ᠳᠠᠭᠤᠰᠪᠠᠯ ᠥᠪᠡᠷ ᠡᠴᠡ ᠴᠢᠨᠢ ᠤᠷᠪᠠᠭᠴᠢ ᠭᠠᠷᠤᠨ᠎ᠠ᠂
2 ᠪᠢᠳᠡᠨ ᠢ ᠨᠢᠭᠦᠯᠡᠰᠦᠭᠡᠴᠢ᠂ ᠶᠣᠬᠣᠸᠠ ᠡ ᠪᠢᠳᠡ ᠲᠠᠨ ᠳᠤ ᠨᠠᠢᠳᠠᠭᠰᠠᠨ ᠥᠷᠯᠥᠭᠡ ᠪᠦᠷᠢ ᠪᠢᠳᠡᠨ ᠦ ᠬᠦᠴᠦ ᠪᠣᠯᠣᠭᠠᠴᠢ ᠵᠣᠪᠠᠯᠠᠩ ᠤᠨ ᠴᠠᠭ ᠲᠤ ᠪᠢᠳᠡᠨ ᠦ ᠠᠪᠤᠷᠠᠯ ᠪᠣᠯᠣᠭᠠᠴᠢ᠃
3 ᠥᠨᠳᠥᠷ ᠳᠠᠭᠤᠨ ᠢᠶᠠᠷ ᠲᠠᠨᠢ ᠦᠨᠳᠦᠰᠦᠲᠡᠨ ᠨᠦᠭᠦᠳ ᠵᠢᠭᠤᠲᠠᠪᠠ ᠥᠨᠳᠡᠢᠬᠦ ᠳᠦ ᠲᠠᠨᠢ ᠶᠠᠰᠤᠲᠠᠨ ᠨᠤᠭᠤᠳ ᠪᠤᠲᠠᠷᠠᠪᠠ᠃
4 ᠲᠠ ᠨᠠᠷ ᠠᠴᠠ ᠣᠯᠣᠭᠰᠠᠨ ᠣᠯᠵᠠ ᠴᠠᠷᠴᠠᠬᠠᠢ ᠴᠤᠭᠯᠠᠷᠠᠬᠤ ᠰᠢᠭ᠋ ᠴᠤᠭᠯᠠᠷᠠᠨ᠎ᠠ ᠲᠡᠭᠦᠨ ᠳᠡᠭᠡᠷ᠎ᠡ ᠬᠥᠮᠦᠰ ᠳᠡᠪᠬᠡᠷᠭᠡ ᠳᠡᠪᠬᠡᠷᠬᠦ ᠮᠡᠲᠦ ᠳᠡᠪᠬᠡᠷᠦᠨᠡ᠂
5 ᠡᠷᠭᠦᠮᠵᠢᠯᠡᠭᠳᠡᠭᠰᠡᠨ ᠶᠣᠬᠣᠸᠠ ᠥᠨᠳᠥᠷ ᠲᠦ ᠵᠠᠯᠠᠷᠠᠭᠰᠠᠨ ᠪᠠᠢᠨ᠎ᠠ ᠽᠢᠶᠣᠨ ᠢ ᠲᠡᠷᠡ ᠵᠥᠪ ᠰᠢᠳᠤᠷᠭᠤ ᠪᠠᠷ ᠳᠦᠭᠦᠷᠭᠡᠨ᠎ᠡ᠃
6 ᠴᠢᠨᠦ ᠴᠠᠭ ᠦᠶ᠎ᠡ ᠶᠢᠨ ᠪᠠᠲᠤ ᠰᠠᠭᠤᠷᠢ ᠪᠣᠯ ᠲᠡᠷᠡ ᠲᠡᠭᠦᠨ ᠳᠦ ᠠᠪᠤᠷᠠᠯ᠂ ᠮᠡᠷᠭᠡᠨ ᠤᠬᠠᠭᠠᠨ᠂ ᠮᠡᠳᠡᠯᠭᠡ ᠶᠢᠨ ᠪᠠᠶᠠᠯᠢᠭ ᠪᠤᠢ ᠶᠣᠬᠣᠸᠠ ᠠᠴᠠ ᠡᠮᠢᠶᠡᠬᠦᠢ ᠨᠢ ᠴᠢᠨᠦ ᠡᠷᠳᠡᠨᠢᠰ ᠪᠢᠯᠡ᠃
7 ᠬᠠᠷ᠎ᠠ᠂ ᠪᠠᠭᠠᠲᠤᠷ ᠤᠳ ᠨᠢ ᠭᠤᠳᠤᠮᠵᠢᠨ ᠳᠤ ᠬᠠᠰᠬᠢᠷᠤᠯᠳᠤᠵᠤ᠂ ᠡᠩᠬᠡ ᠶᠢᠨ ᠡᠯᠴᠢᠳ ᠨᠢ ᠴᠢᠷᠠᠯᠠᠨ ᠤᠬᠢᠯᠠᠵᠤ ᠪᠠᠢᠨ᠎ᠠ᠃
8 ᠶᠡᠬᠡ ᠵᠠᠮ ᠤᠳ ᠬᠣᠭᠣᠰᠣᠷᠠᠵᠤ᠂ ᠠᠶᠠᠯᠠᠭᠴᠢ ᠠᠯᠠᠭ᠎ᠠ ᠪᠣᠯᠪᠠ ᠭᠡᠷ᠎ᠡ ᠨᠢ ᠬᠠᠶᠠᠭᠳᠠᠵᠤ᠂ ᠭᠡᠷᠡᠴᠢ ᠨᠦᠭᠦᠳ ᠨᠢ ᠭᠣᠯᠣᠭᠳᠠᠵᠠᠢ ᠬᠡᠨ ᠢ ᠨᠢ ᠴᠤ ᠲᠡᠷᠡ ᠬᠦᠨᠳᠦᠯᠡᠭᠡ ᠦᠭᠡᠢ᠃
9 ᠭᠠᠵᠠᠷ ᠡᠮᠭᠡᠨᠢᠵᠦ᠂ ᠬᠠᠲᠠᠪᠠ ᠯᠧᠪᠠᠨᠣᠨ ᠢᠴᠢᠵᠦ᠂ ᠭᠠᠩ᠋ᠳᠠᠪᠠ ᠱᠠᠷᠣᠨ ᠴᠥᠯ ᠮᠡᠲᠦ ᠪᠣᠯᠵᠤ ᠪᠠᠱᠠᠨ᠂ ᠺᠠᠷᠮᠧᠯ ᠨᠠᠪᠴᠢᠰ ᠢᠶᠠᠨ ᠭᠥᠪᠢᠪᠡ᠃
10 ᠶᠣᠬᠣᠸᠠ ᠠᠢᠯᠠᠳᠴᠤ ᠪᠠᠢᠨ᠎ᠠ᠄ ᠣᠳᠣ ᠪᠢ ᠪᠣᠰᠣᠨ᠎ᠠ ᠣᠳᠣ ᠪᠢ ᠮᠠᠨᠳᠤᠨ᠎ᠠ ᠣᠳᠣ ᠪᠢ ᠡᠷᠭᠦᠮᠵᠢᠯᠡᠭᠳᠡᠨ᠎ᠡ᠂
11 ᠲᠠ ᠨᠠᠷ ᠬᠡᠪᠡᠭ ᠢᠶᠡᠷ ᠵᠢᠷᠮᠦᠰᠦᠯᠡᠵᠦ᠂ ᠰᠦᠷᠡᠯ ᠲᠥᠷᠥᠭᠦᠯᠵᠦ ᠥᠪᠡᠷ ᠦᠨ ᠢᠶᠠᠨ ᠭᠠᠯ ᠮᠡᠲᠦ ᠠᠭᠤᠷ ᠲᠤ ᠴᠥᠯᠮᠥᠭᠳᠡᠨᠡ᠃
12 ᠲᠡᠢᠨ ᠬᠦ ᠦᠨᠳᠦᠰᠦᠲᠡᠨ ᠨᠦᠭᠦᠳ ᠰᠢᠲᠠᠭᠠᠭᠳᠠᠭᠰᠠᠨ ᠴᠣᠬᠣᠢ ᠪᠤᠶᠤ ᠬᠠᠳᠤᠭᠳᠠᠭᠠᠳ ᠭᠠᠯ ᠳᠤ ᠲᠦᠯᠡᠭᠳᠡᠭᠰᠡᠨ ᠦᠭᠦᠷᠭᠡᠨ᠎ᠡ ᠮᠡᠲᠦ ᠪᠣᠯᠣᠨ᠎ᠠ᠃
13 ᠬᠣᠯᠠ ᠶᠢᠨ ᠬᠢᠨ ᠡ᠂ ᠶᠠᠭᠤ ᠬᠢᠭᠰᠡᠨ ᠢ ᠮᠢᠨᠢ ᠰᠣᠨᠣᠰ ᠣᠢᠷ᠎ᠠ ᠶᠢᠨ ᠬᠢᠨ ᠡ᠂ ᠬᠦᠴᠦ ᠶᠢ ᠮᠢᠨᠢ ᠮᠡᠳᠡ᠂
14 ᠽᠢᠶᠣᠨ ᠤ ᠨᠢᠭᠦᠯᠲᠡᠳ ᠠᠶᠤᠵᠤ ᠰᠦᠰᠦᠭ ᠦᠭᠡᠢ ᠬᠥᠮᠦᠰ ᠴᠡᠴᠡᠷᠡᠵᠦ 《ᠪᠢᠳᠡᠨ ᠦ ᠬᠡᠨ ᠨᠢ ᠮᠥᠬᠥᠭᠡᠭᠴᠢ ᠭᠠᠯ ᠲᠠᠢ ᠬᠠᠮᠲᠤ ᠰᠠᠭᠤᠬᠤ ᠪᠢᠯᠡ︖ ᠪᠢᠳᠡᠨ ᠦ ᠬᠡᠨ ᠨᠢ ᠮᠥᠩᠬᠡᠳᠡ ᠰᠢᠲᠠᠭᠠᠭᠴᠢ ᠲᠠᠢ ᠬᠠᠮᠲᠤ ᠠᠮᠢᠳᠤᠷᠠᠬᠤ ᠪᠢᠯᠡ︖》 ᠭᠡᠨ᠎ᠡ᠂
15 ᠬᠠᠷᠢᠨ ᠵᠥᠪ ᠢᠶᠡᠷ ᠠᠮᠢᠳᠤᠷᠠᠭᠴᠢ᠂ ᠰᠢᠳᠤᠷᠭᠤ ᠶᠢ ᠶᠠᠷᠢᠭᠴᠢ ᠵᠥᠪ ᠪᠤᠰᠤ ᠣᠯᠵᠠ ᠶᠢ ᠣᠭᠣᠷᠣᠭᠴᠢ᠂ ᠬᠠᠬᠤᠤᠯᠢ ᠠᠪᠬᠤ ᠠᠴᠠ ᠭᠠᠷ ᠢᠶᠠᠨ ᠲᠠᠲᠠᠭᠴᠢ ᠴᠢᠰᠤ ᠤᠷᠤᠰᠬᠠᠯᠲᠠ ᠶᠢ ᠰᠣᠨᠣᠰᠬᠤ ᠦᠭᠡᠢ ᠭᠡᠵᠦ ᠴᠢᠬᠢ ᠪᠠᠨ ᠪᠥᠭᠯᠡᠭᠴᠢ ᠮᠠᠭᠤ ᠶᠢ ᠦᠵᠡᠬᠦ ᠦᠭᠡᠢ ᠭᠡᠵᠦ ᠨᠢᠳᠦ ᠪᠡᠨ ᠠᠨᠢᠭᠴᠢ ᠨᠢ
16 ᠥᠨᠳᠥᠷ ᠳᠡᠭᠡᠷ᠎ᠡ ᠰᠠᠭᠤᠨ᠎ᠠ ᠬᠠᠳᠠᠨ ᠪᠡᠬᠢᠯᠡᠯᠲᠡ ᠲᠡᠭᠦᠨ ᠦ ᠬᠣᠷᠭᠣᠳᠠᠬᠤ ᠭᠠᠵᠠᠷ ᠪᠣᠯᠵᠤ ᠬᠣᠭᠣᠯᠠ ᠨᠢ ᠬᠠᠩ᠋ᠭᠠᠭᠳᠠᠵᠤ ᠤᠰᠤ ᠨᠢ ᠲᠠᠰᠤᠷᠠᠬᠤ ᠦᠭᠡᠢ᠃
17 ᠨᠢᠳᠦ ᠴᠢᠨᠢ ᠦᠵᠡᠰᠬᠦᠯᠡᠩᠲᠦ ᠬᠠᠭᠠᠨ ᠢ ᠦᠵᠡᠵᠦ ᠠᠯᠤᠰ ᠬᠣᠯᠠ ᠭᠠᠵᠠᠷ ᠢ ᠬᠠᠷᠠᠨ᠎ᠠ᠃
18 ᠵᠢᠷᠦᠬᠡ ᠴᠢᠨᠢ ᠲᠦᠭᠰᠢᠭᠦᠷᠢᠲᠦ ᠴᠠᠭ ᠢᠶᠠᠨ ᠰᠠᠨᠠᠵᠤ᠄ 《ᠲᠣᠭᠠᠴᠠᠭ᠎ᠠ ᠬᠢᠭ᠍ᠴᠢ ᠬᠠᠮᠢᠭ᠎ᠠ ᠣᠴᠢᠴᠢᠬᠠᠪᠠ︖ ᠲᠠᠲᠠᠪᠤᠷᠢ ᠬᠤᠷᠢᠶᠠᠭᠴᠢ ᠬᠠᠮᠢᠭ᠎ᠠ ᠣᠴᠢᠴᠢᠬᠠᠪᠠ︖ ᠴᠠᠮᠬᠠᠭ ᠬᠢᠨᠠᠭᠴᠢ ᠬᠠᠮᠢᠭ᠎ᠠ ᠣᠴᠢᠴᠢᠬᠠᠪᠠ︖》 ᠭᠡᠬᠦ ᠪᠣᠯᠣᠨ᠎ᠠ᠃
19 ᠣᠢᠯᠠᠭᠠᠭᠳᠠᠬᠤ ᠦᠭᠡᠢ ᠶᠠᠷᠢᠶ᠎ᠠ ᠲᠠᠢ ᠲᠥᠬᠥᠭᠡᠷᠦᠭᠳᠡᠬᠦ ᠦᠭᠡᠢ ᠬᠠᠴᠢᠨ ᠬᠡᠯᠡ ᠲᠠᠢ ᠨᠥᠭᠥᠭᠡ ᠪᠦᠳᠦᠭᠦᠯᠢᠭ ᠦᠨᠳᠦᠰᠦᠲᠡᠨ ᠬᠠᠷᠠᠭᠳᠠᠬᠤ ᠪᠠᠨ ᠪᠣᠯᠢᠨ᠎ᠠ᠃
20 ᠬᠠᠷᠢᠨ ᠮᠠᠨ ᠤ ᠪᠠᠶᠠᠷ ᠨᠠᠭᠠᠳᠤᠮ ᠪᠣᠯᠳᠠᠭ ᠽᠢᠶᠣᠨ ᠬᠣᠲᠠ ᠶᠢ ᠴᠢ ᠬᠠᠷ᠎ᠠ ᠨᠢᠳᠦ ᠴᠢᠨᠢ ᠠᠮᠤᠭᠤᠯᠠᠩ ᠤᠨ ᠣᠷᠣᠨ ᠶᠧᠷᠦ᠋ᠰᠠᠯᠧᠮ ᠢ ᠬᠠᠷᠠᠨ᠎ᠠ᠂ ᠲᠡᠷᠡ ᠪᠣᠯ ᠬᠥᠳᠡᠯᠦᠰᠢ ᠦᠭᠡᠢ ᠴᠠᠴᠠᠷ ᠭᠠᠳᠠᠰᠤ ᠨᠤᠭᠤᠳ ᠨᠢ ᠰᠤᠭᠤᠷᠠᠬᠤ ᠦᠭᠡᠢ ᠠᠷᠭᠠᠮᠵᠢᠶ᠎ᠠ ᠨᠢ ᠲᠠᠰᠤᠷᠠᠬᠤ ᠦᠭᠡᠢ᠂
21 ᠰᠦᠷ ᠵᠢᠪᠬᠤᠯᠠᠩᠲᠤ ᠶᠣᠬᠣᠸᠠ ᠲᠡᠨᠳᠡ ᠪᠢᠳᠡᠨ ᠲᠡᠢ ᠬᠠᠮᠲᠤ ᠪᠠᠢᠨ᠎ᠠ ᠰᠡᠯᠢᠭᠦᠷᠲᠦ ᠵᠠᠪᠢ ᠴᠤ᠂ ᠰᠦᠷ ᠵᠢᠪᠬᠤᠯᠠᠩᠲᠤ ᠣᠩ᠋ᠭᠣᠴᠠ ᠴᠤ ᠥᠷᠭᠡᠨ ᠭᠣᠣᠯ ᠪᠠ ᠤᠷᠤᠰᠬᠠᠯ ᠢᠶᠠᠷ ᠨᠢ ᠥᠩᠭᠡᠷᠡᠬᠦ ᠦᠭᠡᠢ᠃
22 ᠤᠴᠢᠷ ᠨᠢ ᠪᠢᠳᠡᠨ ᠦ ᠰᠢᠭᠦᠭᠴᠢ ᠶᠣᠬᠣᠸᠠ ᠪᠢᠳᠡᠨ ᠳᠦ ᠵᠠᠷᠯᠢᠭ ᠥᠭᠭᠥᠭᠴᠢ ᠶᠣᠬᠣᠸᠠ ᠪᠢᠳᠡᠨ ᠦ ᠬᠠᠭᠠᠨ ᠶᠣᠬᠣᠸᠠ ᠲᠡᠷᠡ ᠪᠢᠳᠡᠨ ᠢ ᠠᠪᠤᠷᠠᠨ᠎ᠠ᠃
23 ᠠᠷᠭᠠᠮᠵᠢᠶ᠎ᠠ ᠴᠢᠨᠢ ᠰᠤᠯᠠᠷᠠᠭᠰᠠᠨ ᠢᠶᠠᠷ ᠰᠢᠷᠤᠭ ᠴᠢᠨᠢ ᠲᠣᠭᠲᠠᠭ᠎ᠠ ᠦᠭᠡᠢ ᠳᠠᠷᠪᠠᠭᠤᠯ ᠴᠢᠨᠢ ᠳᠡᠯᠭᠡᠭᠳᠡᠭᠡ ᠦᠭᠡᠢ ᠪᠠᠢᠬᠤ ᠳᠤ ᠲᠠᠩᠰᠤᠭ ᠶᠡᠬᠡ ᠣᠯᠵᠠ ᠬᠤᠪᠢᠶᠠᠭᠳᠠᠨ᠎ᠠ ᠳᠣᠭᠣᠯᠠᠩ ᠬᠥᠮᠦᠨ ᠴᠤ ᠬᠤᠪᠢ ᠬᠦᠷᠲᠡᠨ᠎ᠡ᠃
24 ᠲᠡᠨᠳᠡᠬᠢ ᠶᠢᠨ ᠰᠠᠭᠤᠭᠠᠯᠢᠴᠢᠳ 《ᠪᠢ ᠡᠪᠡᠳᠴᠢᠲᠡᠢ ᠪᠠᠢᠨ᠎ᠠ》 ᠭᠡᠵᠦ ᠬᠡᠯᠡᠬᠦ ᠦᠭᠡᠢ ᠲᠡᠨᠳᠡ ᠰᠠᠭᠤᠭᠴᠢ ᠨᠢ ᠨᠢᠭᠦᠯ ᠢᠶᠡᠨ ᠠᠭᠤᠴᠢᠯᠠᠭᠤᠯᠤᠨᠠ᠃