ᠢᠰᠠᠢᠶ᠎ᠠ ᠳᠥᠷᠪᠡ
1 ᠲᠡᠷᠡ ᠡᠳᠦᠷ ᠳᠣᠯᠣᠭᠠᠨ ᠡᠮᠡᠭᠲᠡᠢ ᠨᠢᠭᠡ ᠡᠷ᠎ᠡ ᠡᠴᠡ ᠵᠢᠭᠤᠷᠠᠨ᠄ 《ᠪᠢᠳᠡ ᠥᠪᠡᠷᠰᠡᠳ ᠦᠨ ᠢᠶᠠᠨ ᠪᠣᠣᠪᠣ ᠶᠢ ᠢᠳᠡᠨ ᠥᠪᠡᠷᠰᠡᠳ ᠦᠨ ᠢᠶᠠᠨ ᠬᠤᠪᠴᠠᠰᠤ ᠶᠢ ᠡᠮᠦᠰᠦᠨ᠎ᠡ ᠵᠥᠪᠬᠡᠨ ᠪᠢᠳᠡᠨ ᠢ ᠥᠪᠡᠷ ᠦᠨ ᠢᠶᠠᠨ ᠨᠡᠷ᠎ᠡ ᠶᠢᠨ ᠳᠣᠣᠷ᠎ᠠ ᠪᠠᠢᠯᠭᠠᠵᠤ ᠪᠢᠳᠡᠨ ᠦ ᠢᠴᠢᠭᠦᠷᠢ ᠶᠢ ᠵᠠᠢᠯᠠᠭᠤᠯᠤᠭᠠᠴᠢ》 ᠭᠡᠵᠦ ᠬᠡᠯᠡᠨ᠎ᠡ᠃
ᠨᠠᠢᠳᠠᠪᠤᠷᠢ ᠪᠣᠯᠣᠭᠰᠠᠨ ᠨᠠᠬᠢᠶ᠎ᠠ
2 ᠲᠡᠷᠡ ᠡᠳᠦᠷ ᠶᠣᠬᠣᠸᠠ ᠶᠢᠨ ᠨᠠᠬᠢᠶ᠎ᠠ ᠦᠵᠡᠰᠬᠦᠯᠡᠩ ᠲᠡᠢ᠂ ᠠᠯᠳᠠᠷ ᠰᠤᠤ ᠲᠠᠢ ᠪᠣᠯᠵᠤ᠂ ᠲᠡᠷᠡ ᠨᠤᠲᠤᠭ ᠤᠨ ᠦᠷ᠎ᠡ ᠵᠢᠮᠢᠰ ᠨᠢ ᠢᠰᠷᠧᠯ ᠤᠨ ᠠᠮᠢᠳᠤ ᠦᠯᠡᠳᠡᠭᠰᠡᠳ ᠦᠨ ᠪᠠᠬᠠᠷᠬᠠᠯ ᠪᠠ ᠪᠠᠬᠠᠳᠤᠯ ᠪᠣᠯᠣᠨ᠎ᠠ᠂ 3 ᠽᠢᠶᠣᠨ ᠤ ᠦᠯᠡᠳᠡᠭᠰᠡᠳ ᠪᠤᠶᠤ ᠶᠧᠷᠦ᠋ᠰᠠᠯᠧᠮ ᠳᠤ ᠦᠯᠡᠳᠡᠵᠦ ᠠᠮᠢᠳᠤ ᠭᠡᠵᠦ ᠪᠦᠷᠢᠳᠬᠡᠭᠦᠯᠦᠭᠰᠡᠨ ᠪᠦᠭᠦᠳᠡ ᠠᠷᠢᠭᠤᠨ ᠭᠡᠭᠳᠡᠨ᠎ᠡ᠂ 4 ᠡᠵᠡᠨ ᠰᠢᠳᠬᠡᠯ ᠦᠨ ᠰᠦᠨᠡᠰᠦ᠂ ᠰᠢᠲᠠᠭᠠᠬᠤ ᠰᠦᠨᠡᠰᠦ ᠪᠡᠷ ᠽᠢᠶᠣᠨ ᠥᠬᠢᠳ ᠤᠨ ᠪᠤᠵᠠᠷ ᠢ ᠤᠬᠢᠶᠠᠵᠤ᠂ ᠶᠧᠷᠦ᠋ᠰᠠᠯᠧᠮ ᠤᠨ ᠳᠣᠲᠣᠷ᠎ᠠ ᠠᠴᠠ ᠴᠢᠰᠤᠨ ᠲᠣᠯᠪᠣ ᠶᠢ ᠴᠡᠪᠡᠷᠰᠢᠭᠦᠯᠦᠨ᠎ᠡ᠃ 5 ᠶᠣᠬᠣᠸᠠ ᠽᠢᠶᠣᠨ ᠠᠭᠤᠯᠠ ᠶᠢᠨ ᠪᠦᠬᠦ ᠭᠠᠵᠠᠷ᠂ ᠲᠡᠨᠳᠡ ᠴᠤᠭᠯᠠᠷᠠᠭᠰᠠᠨ ᠣᠯᠠᠨ ᠤ ᠳᠡᠭᠡᠭᠦᠷ ᠡᠳᠦᠷ ᠨᠢ ᠡᠭᠦᠯᠡ ᠪᠠ ᠤᠲᠤᠭ᠎ᠠ᠂ ᠰᠥᠨᠢ ᠨᠢ ᠳᠦᠷᠡᠯᠵᠡᠭᠰᠡᠨ ᠭᠠᠯ ᠤᠨ ᠭᠡᠷᠡᠯ ᠢ ᠪᠤᠢ ᠪᠣᠯᠭᠠᠨ᠎ᠠ᠃ ᠲᠡᠷᠡ ᠨᠢ ᠪᠦᠬᠦᠨ ᠦ ᠳᠡᠭᠡᠭᠦᠷ ᠴᠣᠭ ᠵᠢᠪᠬᠤᠯᠠᠩ ᠤᠨ ᠪᠦᠷᠬᠦᠭᠦᠯ ᠪᠣᠯᠵᠤ᠂ 6 ᠡᠳᠦᠷ ᠦᠨ ᠬᠠᠯᠠᠭᠤᠨ ᠠᠴᠠ ᠬᠠᠯᠬᠠᠯᠠᠬᠤ ᠰᠡᠭᠦᠳᠡᠷᠡᠪᠴᠢ᠂ ᠰᠢᠭᠤᠷᠭ᠎ᠠ ᠪᠤᠶᠤ ᠪᠣᠷᠣᠭᠠᠨ ᠠᠴᠠ ᠳᠠᠯᠳᠠᠯᠠᠬᠤ ᠬᠣᠷᠭᠣᠳᠠᠬᠤ ᠭᠠᠵᠠᠷ ᠪᠣᠯᠣᠨ᠎ᠠ᠃