ᠢᠰᠠᠢᠶ᠎ᠠ ᠠᠷᠪᠠᠨ ᠨᠢᠭᠡ
ᠮᠧᠰᠢᠶ᠎ᠠ ᠶᠢᠨ ᠬᠠᠭᠠᠨᠴᠢᠯᠠᠯ
1 ᠨᠢᠭᠡ ᠨᠠᠬᠢᠶ᠎ᠠ ᠢᠱᠠᠢ ᠶᠢᠨ ᠶᠣᠵᠣᠭᠣᠷ ᠠᠴᠠ ᠭᠠᠷᠤᠨ᠎ᠠ ᠦᠨᠳᠦᠰᠦᠨ ᠡᠴᠡ ᠨᠢ ᠭᠠᠷᠤᠭᠰᠠᠨ ᠨᠢᠭᠡ ᠮᠥᠴᠢᠷ ᠵᠢᠮᠢᠰᠯᠡᠨ᠎ᠡ᠂
2 ᠶᠣᠬᠣᠸᠠ ᠶᠢᠨ ᠰᠦᠨᠡᠰᠦ ᠮᠡᠷᠭᠡᠨ ᠤᠬᠠᠭᠠᠨ ᠪᠣᠯᠣᠨ ᠤᠬᠠᠭᠠᠷᠠᠯ ᠤᠨ ᠰᠦᠨᠡᠰᠦ ᠵᠥᠪᠯᠡᠯᠭᠡ ᠪᠣᠯᠣᠨ ᠴᠢᠳᠠᠯ ᠤᠨ ᠰᠦᠨᠡᠰᠦ ᠶᠣᠬᠣᠸᠠ ᠶᠢᠨ ᠮᠡᠳᠡᠯᠭᠡ ᠪᠣᠯᠣᠨ ᠲᠡᠭᠦᠨ ᠡᠴᠡ ᠡᠮᠢᠶᠡᠬᠦᠢ ᠶᠢᠨ ᠰᠦᠨᠡᠰᠦ ᠲᠡᠭᠦᠨ ᠳᠡᠭᠡᠷ᠎ᠡ ᠣᠷᠣᠰᠢᠨ᠎ᠠ᠂
3 ᠶᠣᠬᠣᠸᠠ ᠠᠴᠠ ᠡᠮᠢᠶᠡᠬᠦᠢ ᠨᠢ ᠲᠡᠭᠦᠨ ᠦ ᠪᠠᠶᠠᠷ ᠨᠢᠳᠦ ᠪᠡᠷ ᠢᠶᠠᠨ ᠬᠠᠷᠠᠭᠰᠠᠨ ᠢᠶᠠᠷ ᠢᠶᠠᠨ ᠲᠡᠷᠡ ᠰᠢᠭᠦᠬᠦ ᠦᠭᠡᠢ ᠴᠢᠬᠢ ᠪᠠᠷ ᠢᠶᠠᠨ ᠰᠣᠨᠣᠰᠣᠭᠰᠠᠨ ᠢᠶᠠᠷ ᠢᠶᠠᠨ ᠲᠡᠷᠡ ᠰᠢᠢᠳᠬᠦ ᠦᠭᠡᠢ᠂
4 ᠦᠭᠡᠭᠦᠴᠦᠳ ᠢ ᠵᠥᠪ ᠢᠶᠡᠷ ᠰᠢᠭᠦᠨ ᠶᠢᠷᠲᠢᠨᠴᠦ ᠶᠢᠨ ᠵᠣᠪᠠᠭᠰᠠᠳ ᠤᠨ ᠡᠮᠦᠨ᠎ᠡ ᠡᠴᠡ ᠴᠢᠭ᠍ᠴᠢ ᠰᠢᠢᠳᠪᠦᠷᠢ ᠭᠠᠷᠭᠠᠵᠤ ᠠᠮᠠᠨ ᠤ ᠪᠠᠨ ᠰᠢᠯᠪᠢᠭᠦᠷ ᠢᠶᠡᠷ ᠶᠢᠷᠲᠢᠨᠴᠦ ᠶᠢ ᠴᠣᠬᠢᠨ᠎ᠠ ᠣᠷᠣᠭᠤᠯ ᠤᠨ ᠢᠶᠠᠨ ᠠᠮᠢᠰᠬᠤᠯ ᠢᠶᠠᠷ ᠪᠤᠷᠤᠭᠤᠲᠠᠨ ᠢ ᠰᠥᠨᠥᠭᠡᠨ᠎ᠡ᠃
5 ᠵᠥᠪ ᠨᠢ ᠲᠡᠭᠦᠨ ᠦ ᠪᠡᠯᠬᠡᠭᠦᠰᠦᠨ ᠳᠠᠬᠢ ᠪᠦᠰᠡ ᠦᠨᠡᠨ ᠨᠢ ᠲᠡᠭᠦᠨ ᠦ ᠪᠦᠰᠡᠯᠡᠭᠦᠷ ᠳᠠᠬᠢ ᠪᠦᠰᠡ ᠶᠤᠮ᠃
6 ᠴᠢᠨᠣ᠎ᠠ ᠬᠤᠷᠠᠭ᠎ᠠ ᠲᠠᠢ ᠬᠠᠮᠲᠤ ᠰᠠᠭᠤᠷᠢᠰᠢᠨ ᠢᠷᠪᠢᠰ ᠢᠰᠢᠭᠡ ᠲᠠᠢ ᠬᠠᠮᠲᠤ ᠬᠡᠪᠲᠡᠵᠦ ᠲᠤᠭᠤᠯ᠂ ᠠᠷᠰᠯᠠᠨ᠂ ᠲᠠᠷᠭᠤᠨ ᠮᠠᠯ ᠬᠠᠮᠲᠤ ᠪᠠᠢᠵᠤ ᠪᠢᠴᠢᠬᠠᠨ ᠬᠦᠦ ᠲᠡᠳᠡᠨ ᠢ ᠳᠠᠭᠠᠭᠤᠯᠤᠨ᠎ᠠ᠂
7 ᠦᠨᠢᠶ᠎ᠡ᠂ ᠪᠠᠭᠠᠪᠠᠭᠠᠢ ᠲᠠᠢ ᠪᠡᠯᠴᠢᠵᠦ ᠦᠷ᠎ᠡ ᠵᠤᠯᠵᠠᠭ᠎ᠠ ᠨᠢ ᠬᠠᠮᠲᠤ ᠳᠠᠭᠠᠨ ᠬᠡᠪᠲᠡᠵᠦ ᠠᠷᠰᠯᠠᠨ ᠨᠢ ᠦᠬᠡᠷ ᠰᠢᠭ ᠰᠦᠷᠡᠯ ᠢᠳᠡᠨ᠎ᠡ᠂
8 ᠨᠠᠵᠤ ᠮᠣᠭᠠᠢ ᠶᠢᠨ ᠨᠦᠬᠡᠨ ᠦ ᠳᠡᠷᠭᠡᠳᠡ ᠨᠢᠯᠬ᠎ᠠ ᠬᠡᠦᠬᠡᠳ ᠤᠳ ᠨᠠᠭᠠᠳᠴᠤ ᠬᠣᠣᠷᠲᠤ ᠮᠣᠭᠠᠢ ᠶᠢᠨ ᠡᠭᠦᠷ ᠲᠦ ᠪᠠᠯᠴᠢᠷ ᠬᠡᠦᠬᠡᠳ ᠭᠠᠷ ᠢᠶᠠᠨ ᠬᠢᠨ᠎ᠡ᠂
9 ᠠᠷᠢᠭᠤᠨ ᠠᠭᠤᠯᠠ ᠳᠠᠶᠠᠭᠠᠷ ᠮᠢᠨᠢ ᠬᠣᠬᠢᠷᠠᠯ ᠰᠦᠢᠷᠡᠯ ᠤᠴᠠᠷᠠᠬᠤ ᠦᠭᠡᠢ ᠤᠴᠢᠷ ᠨᠢ ᠳᠠᠯᠠᠢ ᠤᠰᠤ ᠪᠠᠷ ᠪᠢᠯᠬᠠᠳᠠᠭ ᠰᠢᠭ᠋ ᠳᠡᠯᠡᠬᠡᠢ ᠶᠣᠬᠣᠸᠠ ᠶᠢᠨ ᠮᠡᠳᠡᠯᠭᠡ ᠪᠡᠷ ᠳᠦᠭᠦᠷᠬᠦ ᠪᠣᠯᠣᠨ᠎ᠠ᠃
10 ᠲᠡᠷᠡ ᠡᠳᠦᠷ ᠢᠱᠠᠢ ᠶᠢᠨ ᠦᠨᠳᠦᠰᠦ ᠦᠨᠳᠦᠰᠦᠲᠡᠨ ᠨᠦᠭᠦᠳ ᠦᠨ ᠲᠥᠯᠥᠭᠡ ᠲᠤᠭ ᠪᠣᠯᠵᠤ ᠮᠠᠨᠳᠤᠨ᠎ᠠ ᠬᠠᠷᠢᠴᠤᠳ ᠲᠡᠭᠦᠨ ᠢ ᠬᠠᠢᠨ᠎ᠠ ᠲᠡᠭᠦᠨ ᠦ ᠠᠮᠠᠷᠠᠬᠤ ᠭᠠᠵᠠᠷ ᠢᠷᠠᠭᠤ ᠠᠯᠳᠠᠷ ᠲᠠᠢ ᠪᠣᠯᠣᠨ᠎ᠠ᠃
11 ᠲᠡᠷᠡ ᠡᠳᠦᠷ ᠡᠵᠡᠨ ᠬᠣᠶᠠᠳᠠᠬᠢ ᠤᠳᠠᠭ᠎ᠠ ᠪᠠᠨ ᠮᠤᠲᠤᠷ ᠢᠶᠠᠨ ᠰᠤᠩ᠋ᠭᠠᠵᠤ ᠠᠰᠢᠷᠢᠶ᠎ᠠ᠂ ᠶᠧᠵᠢᠫᠲ᠂ ᠫᠠᠲ᠋ᠷᠣᠰ᠂ ᠡᠲ᠋ᠢᠶᠤᠫᠢᠶᠠ᠂ ᠡᠯᠠᠮ᠂ ᠪᠠᠪᠢᠯᠣᠨ᠂ ᠬᠠᠮᠠᠲ ᠪᠣᠯᠣᠨ ᠳᠠᠯᠠᠢ ᠶᠢᠨ ᠡᠷᠭᠢ ᠡᠴᠡ ᠠᠷᠠᠳ ᠲᠦᠮᠡᠨ ᠦ ᠪᠠᠨ ᠦᠯᠡᠳᠡᠭᠰᠡᠨ ᠦᠯᠡᠳᠡᠭᠰᠡᠳ ᠢ ᠣᠯᠵᠤ ᠠᠪᠤᠨ᠎ᠠ᠃
12 ᠡᠵᠡᠨ ᠦᠨᠳᠦᠰᠦᠲᠡᠨ ᠨᠦᠭᠦᠳ ᠦᠨ ᠲᠥᠯᠥᠭᠡ ᠲᠤᠭ ᠮᠠᠨᠳᠤᠭᠤᠯᠤᠨ ᠭᠠᠵᠠᠷ ᠤᠨ ᠳᠥᠷᠪᠡᠨ ᠥᠨᠴᠥᠭ ᠡᠴᠡ ᠢᠰᠷᠧᠯ ᠤᠨ ᠴᠥᠯᠡᠭᠳᠡᠭᠰᠡᠳ ᠢ ᠴᠤᠭᠯᠠᠭᠤᠯᠵᠤ ᠶᠦᠳᠠ ᠶᠢᠨ ᠪᠤᠲᠠᠷᠠᠭᠰᠠᠳ ᠢ ᠪᠥᠭᠡᠮᠨᠡᠷᠡᠭᠦᠯᠦᠨᠡ᠃
13 ᠡᠹᠷᠠᠢᠮ ᠤᠨ ᠠᠲᠠᠭᠠᠷᠬᠠᠯ ᠠᠷᠢᠯᠤᠨ ᠶᠦᠳᠠ ᠶᠢᠨ ᠳᠠᠢᠰᠤᠩᠨᠠᠯ ᠳᠠᠯᠳᠠ ᠣᠷᠣᠨ᠎ᠠ ᠡᠹᠷᠠᠢᠮ ᠶᠦᠳᠠ ᠳᠤ ᠠᠲᠠᠭᠠᠷᠬᠠᠬᠤ ᠦᠭᠡᠢ ᠶᠦᠳᠠ ᠡᠹᠷᠠᠢᠮ ᠢ ᠳᠠᠢᠰᠤᠩᠨᠠᠬᠤ ᠦᠭᠡᠢ᠃
14 ᠲᠡᠳᠡ ᠪᠠᠷᠠᠭᠤᠨ ᠲᠡᠰᠢ ᠹᠢᠯᠢᠰᠲ ᠤᠨ ᠮᠥᠷᠥᠨ ᠳᠡᠭᠡᠷ᠎ᠡ ᠰᠢᠭᠦᠷᠦᠨ ᠪᠠᠭᠤᠵᠤ ᠲᠡᠳᠡ ᠬᠠᠮᠲᠤ ᠳᠠᠭᠠᠨ ᠳᠣᠷᠣᠨ᠎ᠠ ᠶᠢᠨ ᠬᠢᠨ ᠢ ᠳᠡᠭᠡᠷᠡᠮᠳᠡᠨ ᠡᠳᠣᠮ ᠪᠠ ᠮᠣᠶᠠᠪ ᠳᠡᠭᠡᠷ᠎ᠡ ᠭᠠᠷ ᠢᠶᠠᠨ ᠲᠠᠯᠪᠢᠨ ᠠᠮᠣᠨᠴᠤᠳ ᠢ ᠡᠷᠬᠡᠰᠢᠶᠡᠯ ᠳᠡᠭᠡᠨ ᠣᠷᠣᠭᠤᠯᠤᠨ᠎ᠠ᠃
15 ᠶᠣᠬᠣᠸᠠ ᠶᠧᠵᠢᠫᠲ ᠤᠨ ᠳᠠᠯᠠᠢ ᠶᠢᠨ ᠪᠤᠯᠤᠩ ᠢ ᠬᠠᠲᠠᠭᠠᠵᠤ ᠮᠤᠲᠤᠷ ᠢᠶᠠᠨ ᠬᠥᠳᠡᠯᠭᠡᠨ ᠡᠶᠦ᠋ᠹᠷᠠᠲ᠋ᠧᠰ ᠮᠥᠷᠡᠨ ᠦ ᠳᠡᠭᠡᠭᠦᠷ ᠬᠠᠯᠠᠭᠤᠨ ᠠᠮᠢᠰᠬᠤᠯ ᠢᠶᠠᠨ ᠢᠯᠡᠭᠡᠵᠦ ᠲᠡᠭᠦᠨ ᠢ ᠱᠠᠬᠠᠢ ᠲᠠᠢ ᠭᠠᠲᠤᠯᠬᠤ ᠳᠣᠯᠣᠭᠠᠨ ᠬᠠᠲᠠᠭᠰᠠᠨ ᠭᠣᠣᠯ ᠪᠣᠯᠭᠠᠨ ᠬᠤᠪᠢᠶᠠᠨ᠎ᠠ᠃
16 ᠢᠰᠷᠧᠯᠴᠦᠳ ᠶᠧᠵᠢᠫᠲ ᠡᠴᠡ ᠭᠠᠷᠤᠭᠰᠠᠨ ᠦᠶ᠎ᠡ ᠶᠢᠨ ᠬᠢ ᠰᠢᠭ ᠠᠷᠠᠳ ᠲᠦᠮᠡᠨ ᠦ ᠬᠢᠨᠢ ᠦᠯᠡᠳᠡᠭᠰᠡᠳ ᠲᠦ ᠠᠰᠢᠷᠢᠶ᠎ᠠ ᠠᠴᠠ ᠪᠤᠴᠠᠬᠤ ᠶᠡᠬᠡ ᠵᠠᠮ ᠲᠠᠢ ᠪᠠᠢᠬᠤ ᠪᠣᠯᠣᠨ᠎ᠠ᠃