ᠢᠰᠠᠢᠶ᠎ᠠ ᠭᠤᠴᠢᠨ ᠬᠣᠶᠠᠷ
ᠮᠧᠰᠢᠶ᠎ᠠ ᠶᠢᠨ ᠵᠥᠪ ᠬᠠᠭᠠᠨᠴᠢᠯᠠᠯ
1 ᠬᠠᠷ᠎ᠠ᠂ ᠨᠢᠭᠡᠨ ᠬᠠᠭᠠᠨ ᠵᠥᠪ ᠢᠶᠡᠷ ᠬᠠᠭᠠᠨᠴᠢᠯᠠᠵᠤ ᠨᠣᠶᠠᠳ ᠨᠢ ᠰᠢᠳᠤᠷᠭᠤ ᠪᠠᠷ ᠵᠠᠬᠢᠷᠬᠤ ᠪᠣᠯᠣᠨ᠎ᠠ᠃
2 ᠨᠢᠭᠡᠨ ᠬᠥᠮᠦᠨ 15 ᠰᠠᠯᠬᠢᠨ ᠠᠴᠠ ᠬᠣᠷᠭᠣᠳᠠᠬᠤ ᠭᠠᠵᠠᠷ ᠮᠡᠲᠦ ᠰᠢᠭᠤᠷᠭᠠᠨ ᠠᠴᠠ ᠬᠠᠯᠬᠠᠯᠠᠬᠤ ᠬᠠᠯᠬᠠᠪᠴᠢ ᠮᠡᠲᠦ ᠬᠠᠭᠤᠷᠠᠢ ᠳᠠᠬᠢ ᠤᠰᠤᠨ ᠤᠷᠤᠰᠬᠠᠯ ᠮᠡᠲᠦ ᠬᠠᠲᠠᠭᠰᠠᠨ ᠭᠠᠵᠠᠷ ᠳᠠᠬᠢ ᠶᠡᠬᠡ ᠬᠠᠳᠠᠨ ᠤ ᠰᠡᠭᠦᠳᠡᠷ ᠮᠡᠲᠦ ᠪᠣᠯᠣᠨ᠎ᠠ᠃
3 ᠬᠠᠷᠠᠭᠴᠢᠳ ᠤᠨ ᠨᠢᠳᠦ ᠬᠠᠷᠠᠩ᠋ᠭᠤᠢᠯᠠᠬᠤ ᠦᠭᠡᠢ ᠰᠣᠨᠣᠰᠣᠭᠴᠢᠳ ᠤᠨ ᠴᠢᠬᠢ ᠰᠣᠨᠣᠷ ᠪᠣᠯᠣᠨ᠎ᠠ᠃
4 ᠰᠠᠭᠭᠠᠭᠠ ᠬᠥᠮᠦᠨ ᠦ ᠵᠢᠷᠦᠬᠡ ᠮᠡᠳᠡᠯᠭᠡ ᠶᠢ ᠢᠯᠭᠠᠨ ᠲᠠᠨᠢᠵᠤ ᠬᠡᠯᠡᠭᠡᠢ ᠬᠥᠮᠦᠨ ᠦ ᠬᠡᠯᠡ ᠲᠦᠷᠭᠡᠨ ᠲᠣᠳᠣ ᠶᠠᠷᠢᠨ᠎ᠠ᠃
5 ᠴᠢᠨᠠᠭᠰᠢᠳᠠ ᠡᠷᠭᠢᠭᠦᠦ ᠬᠥᠮᠦᠨ ᠢ ᠡᠷᠬᠢᠮ ᠭᠡᠵᠦ ᠳᠠᠭᠤᠳᠠᠬᠤ ᠦᠭᠡᠢ ᠠᠳᠠᠭ ᠤᠨ ᠬᠥᠮᠦᠨ ᠢ ᠠᠭᠤᠤ ᠭᠡᠬᠦ ᠦᠭᠡᠢ ᠪᠣᠯᠣᠨ᠎ᠠ᠃
6 ᠡᠷᠭᠢᠭᠦᠦ ᠬᠥᠮᠦᠨ ᠡᠷᠭᠢᠭᠦᠦ ᠶᠢ ᠶᠠᠷᠢᠵᠤ ᠭᠡᠮ ᠪᠤᠷᠤᠭᠤ ᠶᠢ ᠰᠡᠳᠦᠳᠡᠭ ᠪᠤᠵᠠᠷ ᠢ ᠦᠢᠯᠡᠳᠦᠨ᠂ ᠶᠣᠬᠣᠸᠠ ᠶᠢᠨ ᠲᠤᠬᠠᠢ ᠪᠤᠷᠤᠭᠤ ᠪᠠᠷ ᠶᠠᠷᠢᠵᠤ ᠥᠯᠥᠰᠬᠥᠯᠡᠩ ᠬᠥᠮᠦᠨ ᠢ ᠥᠯᠥᠰᠬᠥᠯᠡᠩ ᠣᠷᠬᠢᠵᠤ ᠴᠠᠩ᠋ᠭᠠᠭ᠎ᠠ ᠲᠠᠢ ᠬᠥᠮᠦᠨ ᠡᠴᠡ ᠤᠮᠳᠠ ᠪᠠᠨ ᠬᠠᠷᠠᠮᠨᠠᠨ᠎ᠠ᠃
7 ᠶᠠᠳᠠᠭᠤ ᠨᠢᠭᠡᠨ ᠦ ᠥᠴᠢᠭ ᠰᠢᠳᠤᠷᠭᠤ ᠪᠠᠢᠭᠰᠠᠨ ᠴᠤ ᠠᠳᠠᠭ ᠤᠨ ᠡᠲᠡᠭᠡᠳ ᠦᠨ ᠠᠷᠭ᠎ᠠ ᠨᠢ ᠬᠣᠣᠷᠲᠠᠢ᠂ ᠲᠡᠷᠡ ᠬᠠᠭᠤᠷᠮᠠᠭ ᠦᠭᠡ ᠪᠡᠷ ᠦᠭᠡᠭᠦᠴᠦᠳ ᠢ ᠬᠥᠨᠥᠭᠡᠬᠦ ᠭᠡᠵᠦ ᠬᠣᠷᠣᠨ ᠮᠠᠭᠤ ᠶᠢ ᠰᠡᠳᠬᠢᠳᠡᠭ᠃
8 ᠬᠠᠷᠢᠨ ᠡᠷᠬᠢᠮ ᠨᠢ ᠡᠷᠬᠢᠮ ᠢ ᠪᠣᠳᠣᠵᠤ ᠡᠷᠬᠢᠮ ᠦᠢᠯᠡᠰ ᠳᠡᠭᠡᠷ᠎ᠡ ᠪᠡᠨ ᠪᠠᠳᠠᠷᠠᠨ᠎ᠠ᠃
9 ᠠᠮᠤᠷᠯᠢᠩ᠋ᠭᠤᠢ ᠡᠮᠡᠭᠲᠡᠢᠴᠦᠳ ᠡ ᠪᠣᠰᠴᠤ᠂ ᠳᠠᠭᠤ ᠶᠢ ᠮᠢᠨᠢ ᠰᠣᠨᠣᠰ ᠲᠠᠢᠪᠤᠭᠤ ᠥᠬᠢᠳ ᠡ ᠦᠭᠡᠨ ᠳᠦ ᠮᠢᠨᠢ ᠴᠢᠬᠢ ᠲᠠᠯᠪᠢ᠃
10 ᠨᠢᠭᠡ ᠵᠢᠯ ᠥᠩᠭᠡᠷᠡᠬᠦ ᠳᠦ ᠲᠠᠢᠪᠤᠭᠤ ᠲᠠ ᠨᠠᠷ ᠰᠠᠨᠳᠤᠷᠤᠨ᠎ᠠ ᠤᠴᠢᠷ ᠨᠢ ᠦᠵᠦᠮ ᠦᠨ ᠬᠤᠷᠢᠶᠠᠯᠲᠠ ᠳᠠᠭᠤᠰᠴᠤ ᠵᠢᠮᠢᠰ ᠬᠤᠷᠢᠶᠠᠬᠤ ᠴᠠᠭ ᠢᠷᠡᠬᠦ ᠦᠭᠡᠢ᠃
11 ᠠᠮᠤᠷᠯᠢᠩ᠋ᠭᠤᠢ ᠡᠮᠡᠭᠲᠡᠢᠴᠦᠳ ᠡ᠂ ᠴᠡᠴᠡᠷᠡ ᠲᠠᠢᠪᠤᠭᠤ ᠥᠬᠢᠳ ᠡ᠂ ᠰᠠᠨᠳᠤᠷ ᠬᠤᠪᠴᠠᠰᠤ ᠪᠠᠨ ᠲᠠᠢᠯᠤᠨ ᠨᠢᠴᠦᠭᠦᠯᠡᠵᠦ ᠪᠦᠰᠡᠯᠡᠭᠦᠷ ᠲᠡᠭᠡᠨ ᠲᠠᠭᠠᠷ ᠲᠠᠢ ᠪᠠᠷ
12 ᠲᠠᠭᠠᠯᠠᠮᠵᠢᠲᠤ ᠲᠠᠯᠠᠪᠠᠢ᠂ ᠦᠷ᠎ᠡ ᠰᠢᠮ᠎ᠡ ᠲᠠᠢ ᠦᠵᠦᠮ ᠦᠨ ᠬᠦᠷᠢᠶᠡᠯᠡᠩ ᠦᠨ ᠲᠥᠯᠥᠭᠡ ᠴᠡᠭᠡᠵᠢ ᠪᠠᠨ ᠳᠡᠯᠡᠳᠦᠭᠲᠦᠨ᠂
13 ᠠᠷᠠᠳ ᠲᠦᠮᠡᠨ ᠦ ᠮᠢᠨᠢ ᠬᠥᠷᠥᠰᠥᠨ ᠳᠡᠭᠡᠷ᠎ᠡ ᠴᠡᠩᠭᠡᠯᠳᠦ ᠬᠣᠲᠠ ᠶᠢᠨ ᠵᠢᠷᠭᠠᠯ ᠲᠠᠢ ᠭᠡᠷ ᠪᠦᠭᠦᠳᠡ ᠶᠢᠨ ᠳᠡᠭᠡᠷ᠎ᠡ ᠦᠭᠦᠷᠭᠡᠨ᠎ᠡ ᠪᠠ ᠥᠷᠭᠡᠰᠦᠲᠦ ᠬᠠᠯᠠᠭᠠᠢ ᠤᠷᠭᠤᠨ᠎ᠠ᠃
14 ᠣᠷᠳᠣᠨ ᠬᠠᠷᠰᠢ ᠬᠠᠶᠠᠭᠳᠠᠨ ᠣᠯᠠᠨ ᠬᠥᠮᠦᠨ ᠲᠡᠢ ᠬᠣᠲᠠ ᠡᠵᠡᠭᠦᠢᠷᠡᠨ ᠰᠢᠯᠲᠦᠭᠡᠨ᠂ ᠴᠠᠮᠬᠠᠭ ᠤᠳ ᠨᠢ ᠡᠭᠦᠷᠢᠳᠡ ᠠᠮᠢᠲᠠᠨ ᠤ ᠡᠭᠦᠷ᠂ ᠬᠤᠯᠠᠨ ᠤ ᠲᠠᠪᠠᠲᠠᠢ ᠭᠠᠵᠠᠷ᠂ ᠮᠠᠯ ᠤᠨ ᠪᠡᠯᠴᠢᠭᠡᠷ ᠪᠣᠯᠣᠨ᠎ᠠ᠂
15 ᠬᠠᠷᠢᠨ ᠬᠣᠵᠢᠮ ᠰᠦᠨᠡᠰᠦ ᠥᠨᠳᠥᠷ ᠳᠡᠭᠡᠷ᠎ᠡ ᠡᠴᠡ ᠪᠢᠳᠡᠨ ᠦ ᠳᠡᠭᠡᠷ᠎ᠡ ᠴᠢᠳᠬᠤᠭᠳᠠᠬᠤ ᠳᠤ ᠴᠥᠯ ᠨᠢ ᠰᠢᠮᠡᠯᠢᠭ ᠭᠠᠵᠠᠷ ᠪᠣᠯᠵᠤ ᠰᠢᠮᠡᠯᠢᠭ ᠭᠠᠵᠠᠷ ᠨᠢ ᠣᠢ ᠳᠤ ᠲᠣᠭᠠᠴᠠᠭᠳᠠᠨ᠎ᠠ᠃
16 ᠰᠢᠳᠤᠷᠭᠤ ᠨᠢ ᠴᠥᠯ ᠳᠤ ᠣᠷᠣᠰᠢᠵᠤ ᠵᠥᠪ ᠨᠢ ᠰᠢᠮᠡᠯᠢᠭ ᠭᠠᠵᠠᠷ ᠲᠤ ᠰᠠᠭᠤᠨ᠎ᠠ᠃
17 ᠵᠥᠪ ᠦᠨ ᠦᠢᠯᠡ ᠪᠡᠷ ᠠᠮᠤᠭᠤᠯᠠᠩ ᠪᠣᠯᠵᠤ ᠵᠥᠪ ᠦᠨ ᠦᠢᠯᠡᠰ ᠢᠶᠡᠷ ᠮᠥᠩᠬᠡᠳᠡ ᠠᠶᠤᠯ ᠦᠭᠡᠢ ᠲᠠᠢᠪᠤᠩ ᠪᠣᠯᠣᠨ᠎ᠠ᠃
18 ᠠᠷᠠᠳ ᠲᠦᠮᠡᠨ ᠮᠢᠨᠢ ᠠᠮᠤᠭᠤᠯᠠᠩ ᠣᠷᠣᠨ ᠳᠤ ᠠᠶᠤᠯ ᠦᠭᠡᠢ ᠭᠡᠷ ᠤᠳ ᠲᠤ ᠠᠮᠤᠷᠯᠢᠩ᠋ᠭᠤᠢ ᠠᠮᠠᠷᠠᠯ ᠤᠨ ᠭᠠᠵᠠᠷ ᠤᠳ ᠲᠤ ᠰᠠᠭᠤᠨ᠎ᠠ᠃
19 ᠣᠢ ᠮᠣᠳᠣ ᠮᠥᠨᠳᠥᠷ ᠲᠦ ᠴᠣᠬᠢᠭᠳᠠᠵᠤ᠂ ᠬᠣᠲᠠ ᠪᠦᠷᠢᠮᠦᠰᠦᠨ ᠳᠣᠷᠣᠭᠰᠢ ᠰᠠᠭᠤᠭᠰᠠᠨ ᠴᠤ
20 ᠤᠰᠤ ᠲᠠᠢ ᠭᠠᠵᠠᠷ ᠪᠦᠭᠦᠳᠡ ᠳᠦ ᠦᠷ᠎ᠡ ᠰᠠᠴᠤᠵᠤ ᠦᠬᠡᠷ᠂ ᠡᠯᠵᠢᠭᠡ ᠪᠡᠨ ᠲᠡᠷᠡᠭᠦᠷ ᠪᠡᠯᠴᠢᠭᠡᠳᠡᠭ ᠲᠠ ᠨᠠᠷ ᠪᠤᠶᠠᠨ ᠲᠠᠢ︕