ᠢᠰᠠᠢᠶ᠎ᠠ ᠬᠣᠷᠢᠨ ᠲᠠᠪᠤ
ᠰᠢᠨ᠎ᠡ ᠬᠠᠭᠠᠨᠴᠢᠯᠠᠯ ᠤᠨ ᠢᠯᠠᠯᠲᠠ
1 ᠶᠣᠬᠣᠸᠠ᠂ ᠲᠠ ᠪᠣᠯ ᠮᠢᠨᠦ ᠪᠤᠷᠬᠠᠨ ᠪᠢ ᠲᠠᠨ ᠢ ᠳᠡᠭᠡᠳᠦᠯᠡᠨ᠂ ᠲᠠᠨ ᠤ ᠨᠡᠷ᠎ᠡ ᠶᠢ ᠮᠠᠭᠲᠠᠶ᠎ᠠ ᠲᠠ ᠥᠨᠢ ᠡᠷᠲᠡ ᠡᠴᠡ ᠲᠥᠯᠥᠪᠯᠡᠭᠰᠡᠨ ᠭᠠᠢᠬᠠᠮᠰᠢᠭ ᠤᠳ ᠢᠶᠠᠨ ᠪᠠᠲᠤ ᠢᠲᠡᠭᠡᠮᠵᠢᠲᠡᠢ ᠪᠠᠷ ᠪᠡᠶᠡᠯᠡᠭᠦᠯᠦᠭᠰᠡᠨ᠃
2 ᠲᠠ ᠬᠣᠲᠠ ᠶᠢ ᠨᠤᠷᠠᠩ᠋ᠬᠠᠢ᠂ ᠪᠡᠬᠢᠯᠡᠯᠲᠡᠲᠦ ᠲᠣᠰᠬᠣᠨ ᠪᠠ ᠬᠠᠷᠢ ᠶᠢᠨ ᠬᠢᠨ ᠤ ᠣᠷᠳᠣᠨ ᠢ ᠪᠠᠯᠭᠠᠰᠤ ᠪᠣᠯᠭᠠᠭᠰᠠᠨ ᠲᠡᠷᠡ ᠬᠣᠲᠠ ᠪᠠᠢᠬᠤ ᠪᠠᠨ ᠪᠣᠯᠢᠵᠤ᠂ ᠳᠠᠬᠢᠨ ᠪᠣᠰᠬᠠᠭᠳᠠᠬᠤ ᠦᠭᠡᠢ᠃
3 ᠡᠢᠮᠦ ᠡᠴᠡ ᠬᠦᠴᠦᠷᠬᠡᠭ ᠦᠨᠳᠦᠰᠦᠲᠡᠨ ᠲᠠᠨ ᠢ ᠬᠦᠨᠳᠦᠳᠬᠡᠵᠦ ᠬᠠᠷᠭᠢᠰ ᠭᠦᠷᠦᠨ ᠦ ᠬᠣᠲᠠ ᠨᠤᠭᠤᠳ ᠲᠠᠨ ᠠᠴᠠ ᠡᠮᠢᠶᠡᠨ᠎ᠡ᠂
4 ᠤᠴᠢᠷ ᠨᠢ ᠲᠠ ᠦᠭᠡᠶᠢᠭᠦᠴᠦᠳ ᠦᠨ ᠬᠠᠮᠠᠭᠠᠯᠠᠯᠲᠠ ᠰᠢᠨᠠᠯᠤᠭᠰᠠᠨ ᠶᠠᠳᠠᠭᠤᠰ ᠤᠨ ᠬᠠᠮᠠᠭᠠᠯᠠᠯᠲᠠ ᠰᠢᠭᠤᠷᠭᠠᠨ ᠠᠴᠠ ᠬᠣᠷᠭᠣᠳᠠᠬᠤ ᠭᠠᠵᠠᠷ ᠬᠠᠯᠠᠭᠤᠨ ᠠᠴᠠ ᠬᠠᠯᠬᠠᠯᠠᠬᠤ ᠰᠡᠭᠦᠳᠡᠷ ᠨᠢ ᠪᠠᠢᠭᠰᠠᠨ ᠶᠤᠮ᠂ ᠬᠠᠷᠭᠢᠰ ᠬᠥᠮᠦᠰ ᠦᠨ ᠠᠮᠢᠰᠬᠤᠯ ᠨᠢ ᠬᠠᠨ᠎ᠠ ᠤᠷᠤᠭᠤ ᠳᠠᠭᠠᠷᠢᠬᠤ ᠰᠢᠭᠤᠷᠭ᠎ᠠ ᠠᠳᠠᠯᠢ᠂
5 ᠬᠠᠭᠤᠷᠠᠢ ᠭᠠᠵᠠᠷ ᠤᠨ ᠬᠠᠯᠠᠭᠤᠨ ᠯᠤᠭ᠎ᠠ ᠠᠳᠠᠯᠢ ᠪᠠᠢᠬᠤ ᠳᠤ᠂ ᠲᠠ ᠬᠠᠷᠢ ᠶᠢᠨ ᠬᠢᠨ ᠤ ᠱᠤᠤᠭᠢᠶᠠᠨ ᠢ ᠨᠠᠮᠳᠠᠭᠠᠨ᠎ᠠ ᠬᠠᠯᠠᠭᠤᠨ ᠨᠢ ᠡᠭᠦᠯᠡᠨ ᠰᠡᠭᠦᠳᠡᠷ ᠢᠶᠡᠷ ᠪᠠᠭᠤᠷᠠᠳᠠᠭ ᠮᠡᠲᠦ ᠬᠠᠷᠭᠢᠰ ᠬᠥᠮᠦᠰ ᠦᠨ ᠳᠠᠭᠤ ᠨᠠᠮᠳᠠᠨ᠎ᠠ᠃
6 ᠠᠤᠭ᠎ᠠ ᠬᠦᠴᠦᠲᠦ ᠶᠣᠬᠣᠸᠠ ᠡᠨᠡ ᠠᠭᠤᠯᠠᠨ ᠳᠡᠭᠡᠷ᠎ᠡ ᠬᠠᠮᠤᠭ ᠦᠨᠳᠦᠰᠦᠲᠡᠨ ᠦ ᠲᠥᠯᠥᠭᠡ ᠲᠠᠩᠰᠤᠭ ᠢᠳᠡᠭᠡᠨ ᠪᠦᠬᠦᠢ ᠨᠠᠢᠷ ᠬᠢᠨ᠎ᠡ᠂ ᠲᠠᠷᠭᠤᠨ ᠮᠢᠬ᠎ᠠ᠂ ᠰᠠᠢᠨ ᠨᠡᠷᠡᠭᠰᠡᠨ ᠬᠠᠭᠤᠴᠢᠨ ᠳᠠᠷᠠᠰᠤ ᠪᠦᠬᠦᠢ ᠨᠠᠢᠷ ᠬᠢᠵᠦ
7 ᠡᠨᠡ ᠠᠭᠤᠯᠠᠨ ᠳᠡᠭᠡᠷ᠎ᠡ ᠬᠠᠮᠤᠭ ᠦᠨᠳᠦᠰᠦᠲᠡᠨ ᠢ ᠪᠦᠲᠡᠭᠡᠭᠰᠡᠨ ᠪᠦᠲᠡᠭᠡᠯᠭᠡ ᠶᠢ ᠪᠦᠬᠦ ᠶᠠᠰᠤᠲᠠᠨ ᠤ ᠳᠡᠭᠡᠭᠦᠷ ᠪᠦᠷᠬᠦᠭᠰᠡᠨ ᠪᠦᠷᠬᠦᠭᠦᠯ ᠢ ᠵᠠᠯᠭᠢᠨ
8 ᠦᠬᠦᠯ ᠢ ᠡᠭᠦᠷᠢᠳᠡ ᠵᠠᠯᠭᠢᠨ᠎ᠠ ᠡᠵᠡᠨ ᠶᠣᠬᠣᠸᠠ ᠪᠦᠬᠦ ᠨᠢᠭᠤᠷ ᠠᠴᠠ ᠨᠢᠯᠪᠤᠰᠤ ᠶᠢ ᠠᠷᠴᠢᠨ ᠠᠷᠠᠳ ᠲᠦᠮᠡᠨ ᠦ ᠪᠠᠨ ᠢᠴᠢᠭᠦᠷᠢ ᠶᠢ ᠪᠦᠬᠦ ᠳᠡᠯᠡᠬᠡᠢ ᠡᠴᠡ ᠵᠠᠢᠯᠠᠭᠤᠯᠤᠨ᠎ᠠ ᠶᠣᠬᠣᠸᠠ ᠡᠭᠦᠨ ᠢ ᠠᠢᠯᠠᠳᠤᠭᠰᠠᠨ ᠶᠤᠮ᠃
9 ᠲᠡᠷᠡ ᠡᠳᠦᠷ ᠲᠡᠳᠡ᠄ 《ᠬᠠᠷ᠎ᠠ᠂ ᠪᠢᠳᠡᠨ ᠦ ᠪᠤᠷᠬᠠᠨ ᠡᠨᠡ︕ ᠪᠢᠳᠡᠨ ᠢ ᠠᠪᠤᠷᠠᠨ᠎ᠠ ᠭᠡᠵᠦ ᠪᠢᠳᠡ ᠲᠡᠭᠦᠨ ᠳᠦ ᠨᠠᠢᠳᠠᠭᠰᠠᠨ ᠶᠣᠬᠣᠸᠠ ᠪᠣᠯ ᠡᠨᠡ᠂ ᠪᠢᠳᠡ ᠲᠡᠭᠦᠨ ᠳᠦ ᠨᠠᠢᠳᠠᠭᠰᠠᠨ ᠪᠢᠳᠡ ᠲᠡᠭᠦᠨ ᠦ ᠠᠪᠤᠷᠠᠯ ᠳᠤ ᠪᠠᠶᠠᠷᠯᠠᠨ ᠪᠠᠶᠠᠰᠤᠨ᠎ᠠ》 ᠭᠡᠵᠡᠭᠡᠨ᠎ᠡ᠃
10 ᠶᠣᠬᠣᠸᠠ ᠶᠢᠨ ᠮᠤᠲᠤᠷ ᠡᠨᠡ ᠠᠭᠤᠯᠠᠨ ᠳᠡᠭᠡᠷ᠎ᠡ ᠣᠷᠣᠰᠢᠨ᠎ᠠ᠂ ᠰᠦᠷᠡᠯ ᠢᠯᠭᠠᠳᠠᠰᠤᠨ ᠤ ᠱᠠᠯᠪᠠᠭ ᠲᠤ ᠭᠢᠰᠬᠢᠭᠳᠡᠳᠡᠭ ᠰᠢᠭ ᠮᠣᠶᠠᠪ ᠥᠪᠡᠷ ᠦᠨ ᠢᠶᠠᠨ ᠭᠠᠵᠠᠷ ᠲᠤ ᠭᠢᠰᠬᠢᠭᠳᠡᠨᠡ᠂
11 ᠤᠰᠤᠨ ᠳᠤ ᠤᠮᠪᠠᠭᠴᠢ ᠤᠮᠪᠠᠬᠤ ᠪᠠᠷ ᠭᠠᠷ ᠢᠶᠠᠨ ᠰᠤᠩ᠋ᠭᠠᠳᠠᠭ ᠰᠢᠭ᠋ ᠮᠣᠶᠠᠪ ᠲᠡᠭᠦᠨ ᠦ ᠳᠣᠲᠣᠷ᠎ᠠ ᠠᠴᠠ ᠭᠠᠷ ᠢᠶᠠᠨ ᠰᠤᠩ᠋ᠭᠠᠨᠠ ᠪᠤᠷᠬᠠᠨ ᠲᠡᠭᠦᠨ ᠦ ᠪᠠᠷᠳᠠᠮᠨᠠᠯ ᠢ ᠱᠠᠯᠠᠮᠠᠭᠠᠢ ᠭᠠᠷ ᠲᠠᠢ ᠨᠢ ᠬᠠᠮᠲᠤ ᠳᠠᠷᠤᠨ᠎ᠠ᠂
12 ᠬᠡᠷᠡᠮ ᠴᠠᠢᠵᠠ ᠶᠢ ᠨᠢ ᠪᠠᠭᠤᠯᠭᠠᠨ ᠨᠤᠷᠠᠭᠠᠵᠤ ᠭᠠᠵᠠᠷ ᠤᠨ ᠬᠥᠷᠥᠰᠥᠨ ᠳᠤ ᠤᠨᠠᠭᠠᠨ᠎ᠠ᠃