ᠢᠰᠠᠢᠶ᠎ᠠ ᠭᠤᠴᠢᠨ ᠨᠢᠭᠡ
1 ᠶᠧᠵᠢᠫᠲ ᠤᠷᠤᠭᠤ ᠲᠤᠰᠠᠯᠠᠮᠵᠢ ᠭᠤᠶᠤᠬᠤ ᠪᠠᠷ ᠶᠠᠪᠤᠭᠴᠢᠳ ᠭᠠᠰᠠᠯᠠᠩᠲᠠᠶ᠎ᠠ᠂ ᠲᠡᠳᠡ ᠮᠣᠷᠢᠳ ᠲᠤ ᠲᠦᠰᠢᠭᠯᠡᠵᠦ ᠲᠡᠷᠭᠡᠨ ᠦ ᠬᠢᠨᠢ ᠣᠯᠠᠨ ᠮᠣᠷᠢᠲᠠᠳ ᠤᠨ ᠬᠢᠨᠢ ᠶᠡᠬᠡ ᠬᠦᠴᠦᠨ ᠳᠦ ᠢᠲᠡᠭᠡᠵᠦ ᠪᠠᠢᠳᠠᠭ᠂ ᠬᠠᠷᠢᠨ ᠢᠰᠷᠧᠯ ᠤᠨ ᠠᠷᠢᠭᠤᠨ ᠨᠢᠭᠡᠨ ᠥᠭᠡᠳᠡ ᠬᠠᠷᠠᠳᠠᠭ ᠦᠭᠡᠢ ᠶᠣᠬᠣᠸᠠ ᠶᠢ ᠬᠠᠢᠳᠠᠭ ᠦᠭᠡᠢ᠃
2 ᠬᠠᠷᠢᠨ ᠶᠣᠬᠣᠸᠠ ᠮᠡᠷᠭᠡᠨ︕ ᠦᠭᠡ ᠪᠡᠨ ᠪᠤᠴᠠᠭᠠᠯ ᠦᠭᠡᠢ᠂ ᠭᠠᠮᠰᠢᠭ ᠪᠠᠭᠤᠯᠭᠠᠨ᠎ᠠ᠂ ᠮᠠᠭᠤ ᠶᠢ ᠦᠢᠯᠡᠳᠦᠭᠴᠢ ᠶᠢᠨ ᠭᠡᠷ ᠦᠨ ᠡᠰᠡᠷᠭᠦ ᠪᠤᠷᠤᠭᠤᠲᠠᠳ ᠤᠨ ᠲᠤᠰᠠᠯᠠᠮᠵᠢ ᠶᠢᠨ ᠡᠰᠡᠷᠭᠦ ᠪᠣᠰᠣᠨ᠎ᠠ᠃
3 ᠶᠧᠵᠢᠫᠲ᠋ᠴᠦᠳ ᠨᠢ ᠪᠤᠷᠬᠠᠨ ᠪᠢᠰᠢ᠂ ᠬᠥᠮᠦᠨ᠂ ᠮᠣᠷᠢᠳ ᠨᠢ ᠰᠦᠨᠡᠰᠦ ᠪᠢᠰᠢ᠂ ᠮᠢᠬᠠᠨ ᠪᠡᠶ᠎ᠡ ᠶᠤᠮ᠂ ᠶᠣᠬᠣᠸᠠ ᠮᠤᠲᠤᠷ ᠢᠶᠠᠨ ᠰᠤᠩ᠋ᠭᠠᠬᠤ ᠳᠤ ᠲᠤᠰᠠᠯᠠᠭᠴᠢ ᠨᠢ ᠪᠦᠳᠦᠷᠢᠵᠦ᠂ ᠲᠤᠰᠠᠯᠠᠭᠤᠯᠤᠭᠴᠢ ᠨᠢ ᠤᠨᠠᠵᠤ ᠲᠡᠳᠡ ᠬᠠᠮᠲᠤ ᠳᠠᠭᠠᠨ ᠤᠰᠠᠳᠬᠠᠭᠳᠠᠨ᠎ᠠ᠃
4 ᠶᠣᠬᠣᠸᠠ ᠨᠠᠳᠠ ᠳᠤ ᠡᠢᠨ ᠬᠦ ᠠᠢᠯᠠᠳᠪᠠ᠄ 《ᠣᠯᠵᠠᠨ ᠳᠡᠭᠡᠷ᠎ᠡ ᠪᠡᠨ ᠵᠣᠭᠰᠣᠨ ᠠᠷᠬᠢᠷᠠᠵᠤ ᠪᠤᠢ ᠠᠷᠰᠯᠠᠨ ᠪᠤᠶᠤ ᠵᠠᠯᠠᠭᠤ ᠠᠷᠰᠯᠠᠨ ᠣᠯᠠᠨ ᠬᠣᠨᠢᠴᠢᠨ ᠳᠠᠭᠤᠳᠠᠭᠳᠠᠨ ᠢᠷᠡᠭᠰᠡᠨ ᠴᠤ ᠲᠡᠳᠡᠨ ᠦ ᠳᠠᠭᠤᠨ ᠠᠴᠠ ᠰᠦᠷᠳᠡᠬᠦ ᠦᠭᠡᠢ᠂ ᠲᠡᠳᠡᠨ ᠦ ᠱᠤᠤᠭᠢᠶᠠᠨ ᠢ ᠲᠣᠭᠣᠬᠤ ᠦᠭᠡᠢ ᠪᠠᠢᠳᠠᠭ ᠤᠨ ᠠᠳᠠᠯᠢ ᠠᠤᠭ᠎ᠠ ᠬᠦᠴᠦᠲᠦ ᠶᠣᠬᠣᠸᠠ ᠽᠢᠶᠣᠨ ᠠᠭᠤᠯᠠ ᠪᠣᠯᠣᠨ ᠲᠣᠯᠣᠭᠠᠳ ᠤᠨ ᠬᠢᠨᠢ ᠲᠥᠯᠥᠭᠡ ᠲᠡᠮᠡᠴᠡᠬᠦ ᠪᠡᠷ ᠪᠠᠭᠤᠵᠤ ᠢᠷᠡᠨ᠎ᠡ᠂
5 ᠡᠯᠢᠨ ᠬᠠᠯᠢᠳᠠᠭ ᠰᠢᠪᠠᠭᠤᠳ ᠰᠢᠭ᠋ ᠠᠤᠭ᠎ᠠ ᠬᠦᠴᠦᠲᠦ ᠶᠣᠬᠣᠸᠠ ᠶᠧᠷᠦ᠋ᠰᠠᠯᠧᠮ ᠢ ᠬᠠᠮᠠᠭᠠᠯᠠᠨ᠎ᠠ ᠲᠡᠷᠡ ᠬᠠᠮᠠᠭᠠᠯᠠᠵᠤ ᠠᠪᠤᠷᠠᠨ᠎ᠠ ᠲᠡᠷᠡ ᠳᠡᠭᠡᠭᠦᠷ ᠨᠢ ᠥᠩᠭᠡᠷᠡᠵᠦ ᠭᠡᠲᠦᠯᠭᠡᠨ᠎ᠡ᠃》
6 ᠢᠰᠷᠧᠯᠴᠦᠳ ᠡ᠂ ᠲᠡᠭᠦᠨ ᠡᠴᠡ ᠲᠠ ᠨᠠᠷ ᠪᠠᠲᠤᠲᠠᠢ ᠤᠷᠪᠠᠭᠰᠠᠨ ᠲᠡᠭᠦᠨ ᠤᠷᠤᠭᠤ ᠡᠷᠭᠢᠵᠦ ᠢᠷ᠎ᠡ᠃
7 ᠲᠠ ᠨᠠᠷ ᠤᠨ ᠬᠥᠮᠦᠨ ᠪᠣᠯᠭᠠᠨ ᠲᠡᠷᠡ ᠡᠳᠦᠷ ᠨᠢᠭᠦᠯᠲᠦ ᠭᠠᠷ ᠤᠨ ᠪᠦᠲᠦᠭᠡᠯ ᠪᠣᠯᠬᠤ ᠮᠥᠩᠭᠥᠨ ᠰᠢᠲᠦᠭᠡᠨ ᠨᠦᠭᠦᠳ᠂ ᠠᠯᠲᠠᠨ ᠰᠢᠲᠦᠭᠡᠨ ᠨᠦᠭᠦᠳ ᠢᠶᠡᠨ ᠬᠠᠶᠠᠨ᠎ᠠ᠃
8 ᠬᠥᠮᠦᠨ ᠦ ᠬᠢ ᠪᠤᠰᠤ ᠢᠯᠳᠦᠨ ᠳᠦ ᠠᠰᠢᠷᠢᠶ᠎ᠠ ᠤᠨᠠᠵᠤ ᠬᠥᠮᠦᠰ ᠦᠨ ᠬᠢ ᠪᠤᠰᠤ ᠢᠯᠳᠦᠨ ᠳᠦ ᠵᠠᠯᠭᠢᠭᠳᠠᠨᠠ ᠲᠡᠳᠡ ᠢᠯᠳᠦᠨ ᠡᠴᠡ ᠵᠢᠭᠤᠲᠠᠨ᠎ᠠ ᠵᠠᠯᠠᠭᠤᠰ ᠨᠢ ᠠᠯᠪᠠᠳᠠᠯᠭ᠎ᠠ ᠶᠢᠨ ᠠᠵᠢᠯ ᠳᠤ ᠣᠷᠣᠨ᠎ᠠ᠃
9 ᠲᠡᠭᠦᠨ ᠦ ᠬᠠᠳᠠ ᠲᠦᠭᠰᠢᠭᠦᠷᠢ ᠡᠴᠡ ᠪᠣᠯᠵᠤ ᠠᠯᠠᠭ᠎ᠠ ᠪᠣᠯᠣᠨ᠎ᠠ ᠲᠡᠭᠦᠨ ᠦ ᠵᠠᠩᠵᠤᠨ ᠨᠠᠷ ᠲᠤᠭ ᠢ ᠬᠠᠷᠠᠭᠠᠳ ᠰᠠᠨᠳᠤᠷᠤᠨ᠎ᠠ᠂ ᠶᠣᠬᠣᠸᠠ ᠠᠢᠯᠠᠳᠴᠤ ᠪᠠᠢᠨ᠎ᠠ᠃ ᠲᠡᠭᠦᠨ ᠦ ᠭᠠᠯ ᠽᠢᠶᠣᠨ ᠳᠤ᠂ ᠵᠤᠤᠬ᠎ᠠ ᠨᠢ ᠶᠧᠷᠦ᠋ᠰᠠᠯᠧᠮ ᠳᠤ ᠪᠤᠢ᠃