1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠲᠠᠪᠢᠨ ᠲᠠᠪᠤ
 ᠪᠤᠷᠬᠠᠨ ᠤ ᠤᠷᠢᠯᠭ᠎ᠠ
1 ᠵᠠ᠂ ᠴᠠᠩ᠋ᠭᠠᠭᠰᠠᠨ ᠪᠣᠯᠭᠠᠨ ᠤᠰᠤ ᠤᠷᠤᠭᠤ ᠢᠷ᠎ᠠ᠂ ᠮᠥᠩᠭᠥ ᠦᠭᠡᠢ ᠨᠢ ᠢᠷᠡᠵᠦ᠂ ᠬᠤᠳᠠᠯᠳᠤᠨ ᠠᠪᠴᠤ᠂ ᠢᠳᠡ ᠢᠷᠡᠭᠡᠳ ᠮᠥᠩᠭᠥ ᠦᠭᠡᠢ᠂ ᠦᠨ᠎ᠡ ᠦᠭᠡᠢ ᠪᠠᠷ ᠳᠠᠷᠠᠰᠤ ᠪᠠ ᠰᠦ᠋ ᠬᠤᠳᠠᠯᠳᠤᠨ ᠠᠪ᠂
2 ᠶᠠᠭᠤᠨ ᠳᠤ ᠲᠠ ᠨᠠᠷ ᠬᠣᠭᠣᠯᠠ ᠪᠣᠯᠬᠤ ᠦᠭᠡᠢ ᠵᠦᠢᠯ ᠳᠤ ᠮᠥᠩᠭᠥ ᠵᠠᠷᠤᠵᠤ ᠬᠠᠨᠤᠭᠠᠰᠢ ᠦᠭᠡᠢ ᠵᠦᠢᠯ ᠳᠤ ᠬᠥᠯᠥᠰᠥ ᠪᠡᠨ ᠦᠷᠡᠨ᠎ᠡ ᠪᠤᠢ︖ ᠮᠢᠨᠦᠬᠢ ᠶᠢ ᠰᠣᠨᠣᠰᠣᠨ ᠰᠣᠨᠣᠰᠴᠤ ᠰᠠᠢᠨ ᠢ ᠨᠢ ᠢᠳᠡ᠂ ᠰᠡᠳᠬᠢᠯ ᠴᠢᠨᠢ ᠥᠭᠡᠬᠦ ᠲᠣᠰᠣᠨ ᠳᠤ ᠪᠠᠶᠠᠷᠯᠠᠨ᠎ᠠ᠃
3 ᠴᠢᠬᠢ ᠪᠠᠨ ᠨᠡᠭᠡᠭᠡ᠂ ᠨᠠᠳᠠ ᠤᠷᠤᠭᠤ ᠢᠷ᠎ᠡ ᠰᠣᠨᠣᠰ᠂ ᠲᠡᠭᠡᠪᠡᠯ ᠴᠢ ᠠᠮᠢ ᠳᠤ ᠣᠷᠣᠨ᠎ᠠ ᠪᠢ ᠳ᠋ᠠᠸᠢᠳ᠋ ᠤᠨ ᠲᠥᠯᠥᠭᠡᠬᠢ ᠦᠨᠡᠨᠴᠢ ᠬᠠᠢᠷ᠎ᠠ ᠪᠠᠷ ᠢᠶᠠᠨ ᠲᠠ ᠨᠠᠷ ᠲᠠᠢ ᠮᠥᠩᠬᠡ ᠶᠢᠨ ᠭᠡᠷ᠎ᠡ ᠪᠠᠢᠭᠤᠯᠤᠨ᠎ᠠ᠃
4 ᠬᠠᠷᠠ᠂ ᠪᠢ ᠲᠡᠭᠦᠨ ᠢ ᠦᠨᠳᠦᠰᠦᠲᠡᠨ ᠨᠦᠭᠦᠳ ᠲᠦ ᠭᠡᠷᠡᠴᠢ ᠪᠣᠯᠭᠠᠯ᠎ᠠ ᠪᠢ ᠲᠡᠭᠦᠨ ᠢ ᠦᠨᠳᠦᠰᠦᠲᠡᠨ ᠨᠦᠭᠦᠳ ᠦᠨ ᠲᠡᠷᠢᠭᠦᠨ᠂ ᠵᠠᠬᠢᠷᠤᠭᠴᠢ ᠪᠣᠯᠭᠠᠯ᠎ᠠ᠃
5 ᠬᠠᠷᠠ᠂ ᠴᠢᠮᠠᠶᠢ ᠠᠯᠳᠠᠷᠰᠢᠭᠤᠯᠤᠭᠰᠠᠨ ᠴᠢᠨᠦ ᠪᠤᠷᠬᠠᠨ ᠶᠣᠬᠣᠸᠠ᠂ ᠢᠰᠷᠧᠯ ᠤᠨ ᠠᠷᠢᠭᠤᠨ ᠨᠢᠭᠡᠨ ᠦ ᠤᠯᠠᠮ ᠢᠶᠠᠷ ᠴᠢ ᠲᠠᠨᠢᠭ᠎ᠠ ᠦᠭᠡᠢ ᠦᠨᠳᠦᠰᠦᠲᠡᠨ ᠢ ᠳᠠᠭᠤᠳᠠᠬᠤ ᠪᠣᠯᠣᠨ᠎ᠠ ᠴᠢᠨᠦ ᠲᠠᠨᠢᠭ᠎ᠠ ᠦᠭᠡᠢ ᠦᠨᠳᠦᠰᠦᠲᠡᠨ ᠴᠢᠮ᠎ᠠ ᠤᠷᠤᠭᠤ ᠭᠦᠶᠦᠵᠦ ᠢᠷᠡᠨ᠎ᠡ᠃
6 ᠣᠯᠳᠠᠬᠤ ᠪᠣᠯᠣᠮᠵᠢ ᠲᠠᠢ ᠳᠡᠭᠡᠷ᠎ᠡ ᠨᠢ ᠶᠣᠬᠣᠸᠠ ᠶᠢ ᠬᠠᠢ ᠣᠢᠷ᠎ᠠ ᠪᠠᠢᠭ᠎ᠠ ᠳᠡᠭᠡᠷ᠎ᠡ ᠨᠢ ᠲᠡᠭᠦᠨ ᠢ ᠳᠠᠭᠤᠳᠠ᠃
7 ᠪᠤᠷᠤᠭᠤᠲᠠᠨ ᠵᠠᠮ ᠢᠶᠠᠨ ᠨᠢᠭᠦᠯᠲᠡᠨ ᠰᠠᠨᠠᠭ᠎ᠠ ᠪᠠᠨ ᠣᠷᠬᠢᠨ ᠶᠣᠬᠣᠸᠠ ᠤᠷᠤᠭᠤ ᠡᠷᠭᠢ᠂ ᠲᠡᠷᠡ ᠥᠷᠥ ᠡᠪᠡᠳᠬᠦ ᠪᠣᠯᠣᠨ᠎ᠠ ᠪᠢᠳᠡᠨ ᠦ ᠪᠤᠷᠬᠠᠨ ᠤᠷᠤᠭᠤ ᠡᠷᠭᠢ ᠲᠡᠷᠡ ᠶᠡᠬᠡ ᠪᠡᠷ ᠥᠷᠥᠰᠢᠶᠡᠨ᠎ᠡ᠃
8 ᠶᠣᠬᠣᠸᠠ ᠠᠢᠯᠠᠳᠴᠤ ᠪᠠᠢᠨ᠎ᠠ᠂ ᠮᠢᠨᠦ ᠰᠠᠨᠠᠭ᠎ᠠ ᠲᠠ ᠨᠠᠷ ᠤᠨ ᠰᠠᠨᠠᠭ᠎ᠠ ᠠᠴᠠ ᠥᠭᠡᠷ᠎ᠡ ᠮᠢᠨᠦ ᠵᠠᠮ ᠲᠠ ᠨᠠᠷ ᠤᠨ ᠵᠠᠮ ᠠᠴᠠ ᠥᠭᠡᠷ᠎ᠡ᠂
9 ᠲᠩᠷᠢ ᠭᠠᠵᠠᠷ ᠠᠴᠠ ᠥᠨᠳᠥᠷ ᠪᠠᠢᠳᠠᠭ ᠤᠨ ᠠᠳᠠᠯᠢ ᠮᠢᠨᠦ ᠵᠠᠮ ᠲᠠ ᠨᠠᠷ ᠤᠨ ᠵᠠᠮ ᠠᠴᠠ ᠥᠨᠳᠥᠷ ᠮᠢᠨᠦ ᠰᠠᠨᠠᠭ᠎ᠠ ᠲᠠ ᠨᠠᠷ ᠤᠨ ᠰᠠᠨᠠᠭ᠎ᠠ ᠠᠴᠠ ᠥᠨᠳᠥᠷ᠃
10 ᠴᠠᠰᠤ ᠪᠣᠷᠣᠭᠠᠨ ᠲᠩᠷᠢ ᠡᠴᠡ ᠪᠠᠭᠤᠪᠠᠯ ᠪᠤᠴᠠᠳᠠᠭ ᠦᠭᠡᠢ ᠬᠠᠷᠢᠨ ᠭᠠᠵᠠᠷ ᠢ ᠤᠰᠤᠯᠠᠨ᠎ᠠ ᠭᠠᠵᠠᠷ ᠠᠴᠠ ᠰᠣᠶᠣᠭ᠎ᠠ ᠭᠠᠷᠭᠠᠵᠤ᠂ ᠴᠡᠴᠡᠭᠯᠡᠭᠦᠯᠵᠦ ᠦᠷ᠎ᠡ ᠰᠠᠴᠤᠭᠴᠢ ᠳᠤ ᠦᠷ᠎ᠡ ᠢᠳᠡᠭᠴᠢ ᠳᠤ ᠬᠦᠨᠡᠰᠦ ᠬᠠᠩ᠋ᠭᠠᠨ᠎ᠠ᠃
11 ᠲᠡᠢᠨ ᠬᠦ ᠠᠮᠠᠨ ᠠᠴᠠ ᠭᠠᠷᠤᠭᠰᠠᠨ ᠦᠭᠡ ᠮᠢᠨᠢ ᠴᠤ ᠨᠠᠳᠠ ᠤᠷᠤᠭᠤ ᠬᠣᠭᠣᠰᠣᠨ ᠪᠤᠴᠠᠵᠤ ᠢᠷᠡᠬᠦ ᠦᠭᠡᠢ᠂ ᠬᠠᠷᠢᠨ ᠲᠠᠭᠠᠯᠠᠯ ᠢ ᠮᠢᠨᠢ ᠪᠡᠶᠡᠯᠡᠭᠦᠯᠵᠦ ᠳᠠᠭᠠᠭᠠᠯᠭᠠᠭᠰᠠᠨ ᠡᠭᠦᠷᠭᠡ ᠶᠢ ᠮᠢᠨᠢ ᠭᠦᠢᠴᠡᠳᠬᠡᠨ᠎ᠡ᠃
12 ᠲᠡᠭᠡᠬᠦ ᠳᠦ ᠲᠠ ᠨᠠᠷ ᠪᠠᠶᠠᠷ ᠲᠠᠢ ᠪᠠᠷ ᠭᠠᠷᠴᠤ ᠠᠮᠤᠷ ᠠᠮᠤᠭᠤᠯᠠᠩ ᠢᠶᠠᠷ ᠬᠥᠲᠥᠯᠥᠭᠦᠯᠦᠨ᠎ᠡ ᠠᠭᠤᠯᠠ ᠲᠣᠯᠣᠭᠠᠳ ᠲᠠ ᠨᠠᠷ ᠤᠨ ᠡᠮᠦᠨ᠎ᠡ ᠳᠠᠭᠤᠤ ᠳᠠᠭᠤᠯᠠᠨ ᠲᠠᠯ᠎ᠠ ᠶᠢᠨ ᠮᠣᠳᠣ ᠪᠦᠭᠦᠳᠡ ᠠᠯᠠᠭ᠎ᠠ ᠲᠠᠰᠢᠨ᠎ᠠ᠃
13 ᠥᠷᠭᠡᠰᠦᠲᠦ ᠪᠤᠲᠠᠨ ᠤ ᠣᠷᠣᠨ ᠳᠤ ᠨᠠᠷᠠᠰᠤ ᠬᠠᠯᠠᠭᠠᠢ ᠶᠢᠨ ᠣᠷᠣᠨ ᠳᠤ ᠰᠢᠷᠠᠰᠤᠨ ᠮᠣᠳᠣ ᠤᠷᠭᠤᠵᠤ ᠶᠣᠬᠣᠸᠠ ᠶᠢᠨ ᠨᠡᠷ᠎ᠡ ᠶᠢ ᠰᠠᠨᠠᠭᠤᠯᠬᠤ ᠮᠥᠬᠥᠰᠢ ᠦᠭᠡᠢ ᠮᠥᠩᠬᠡ ᠶᠢᠨ ᠲᠡᠮᠳᠡᠭ ᠪᠣᠯᠣᠨ᠎ᠠ᠃