ᠢᠰᠠᠢᠶ᠎ᠠ ᠵᠢᠷᠠᠨ ᠵᠢᠷᠭᠤᠭ᠎ᠠ
ᠰᠢᠳᠬᠡᠯ ᠪᠠ ᠨᠠᠢᠳᠠᠪᠤᠷᠢ
1 ᠶᠣᠬᠣᠸᠠ ᠡᠢᠨ ᠬᠦ ᠠᠢᠯᠠᠳᠴᠤ ᠪᠠᠢᠨ᠎ᠠ᠄ ᠲᠩᠷᠢ ᠪᠣᠯ ᠮᠢᠨᠦ ᠰᠡᠨᠲᠢ ᠭᠠᠵᠠᠷ ᠪᠣᠯ ᠮᠢᠨᠦ ᠬᠥᠯ ᠦᠨ ᠭᠢᠰᠬᠢᠭᠦᠷ᠂ ᠥᠷᠭᠥᠭᠡ ᠶᠢ ᠮᠢᠨᠢ ᠲᠠ ᠨᠠᠷ ᠬᠠᠮᠢᠭ᠎ᠠ ᠨᠢ ᠪᠣᠰᠬᠠᠬᠤ ᠶᠤᠮ ᠪᠤᠢ︖ ᠠᠮᠠᠷᠠᠬᠤ ᠭᠠᠵᠠᠷ ᠮᠢᠨᠢ ᠬᠠᠮᠢᠭ᠎ᠠ ᠪᠠᠢᠬᠤ ᠶᠤᠮ ᠪᠤᠢ︖
2 ᠡᠨᠡ ᠪᠦᠬᠦᠨ ᠢ ᠮᠢᠨᠦ ᠮᠤᠲᠤᠷ ᠪᠦᠲᠦᠭᠡᠭᠰᠡᠨ ᠢᠶᠡᠷ ᠡᠨᠡ ᠪᠦᠭᠦᠳᠡ ᠪᠤᠢ ᠪᠣᠯᠣᠭᠰᠠᠨ ᠶᠣᠬᠣᠸᠠ ᠠᠢᠯᠠᠳᠴᠤ ᠪᠠᠢᠨ᠎ᠠ᠂ ᠪᠤᠷᠤᠭᠤ ᠪᠠᠨ ᠬᠦᠯᠢᠶᠡᠳᠡᠭ ᠳᠠᠷᠤᠤ ᠰᠦᠨᠡᠰᠦ ᠲᠠᠢ ᠦᠭᠡᠨ ᠳᠦ ᠮᠢᠨᠢ ᠴᠡᠴᠡᠷᠡᠳᠡᠭ ᠨᠢᠭᠡᠨ ᠢ᠂ ᠶᠠᠭ ᠡᠢᠮᠦ ᠬᠥᠮᠦᠨ ᠢ ᠪᠢ ᠠᠩ᠋ᠬᠠᠷᠳᠠᠭ᠂
3 ᠬᠠᠷᠢᠨ ᠦᠬᠡᠷ ᠨᠢᠳᠤᠯᠤᠭᠴᠢ ᠨᠢ ᠬᠥᠮᠦᠨ ᠠᠯᠠᠭᠴᠢ ᠲᠠᠢ ᠠᠳᠠᠯᠢ ᠬᠤᠷᠠᠭ᠎ᠠ ᠡᠷᠭᠦᠭᠴᠢ ᠨᠢ ᠨᠣᠬᠠᠢ ᠶᠢᠨ ᠬᠦᠵᠦᠭᠦᠦ ᠶᠢ ᠮᠤᠰᠬᠢᠭᠴᠢ ᠲᠠᠢ ᠠᠳᠠᠯᠢ ᠢᠳᠡᠭᠡᠨ ᠡᠷᠭᠦᠯ ᠡᠷᠭᠦᠭᠴᠢ ᠨᠢ ᠭᠠᠬᠠᠢ ᠶᠢᠨ ᠴᠢᠰᠤ ᠡᠷᠭᠦᠭᠴᠢ ᠮᠡᠲᠦ ᠤᠲᠤᠯᠭ᠎ᠠ ᠤᠭᠤᠭᠢᠭᠤᠯᠤᠭᠴᠢ ᠨᠢ ᠰᠢᠲᠦᠭᠡᠨ ᠳᠦ ᠮᠥᠷᠭᠥᠭᠴᠢ ᠮᠡᠲᠦ ᠶᠤᠮ᠂ ᠲᠡᠳᠡ ᠥᠪᠡᠷᠰᠡᠳ ᠦᠨ ᠢᠶᠠᠨ ᠵᠠᠮ ᠢ ᠰᠣᠩ᠋ᠭᠣᠭᠰᠠᠨ ᠰᠠᠨᠠᠭ᠎ᠠ ᠨᠢ ᠵᠢᠭᠰᠢᠭᠦᠷᠢᠲᠦ ᠵᠦᠢᠯᠡᠰ ᠢ ᠲᠠᠭᠠᠯᠠᠳᠠᠭ᠂
4 ᠪᠢ ᠮᠥᠨ ᠲᠡᠳᠡᠨ ᠳᠦ ᠬᠠᠴᠢᠨ ᠶᠠᠭᠤᠮ᠎ᠠ ᠶᠢ ᠰᠣᠩ᠋ᠭᠣᠵᠤ ᠥᠭᠭᠥᠶ᠎ᠡ ᠲᠡᠳᠡᠨ ᠦ ᠳᠡᠭᠡᠷ᠎ᠡ ᠪᠢ ᠠᠢᠳᠠᠰ ᠢ ᠠᠪᠴᠢᠷᠠᠨ᠎ᠠ ᠤᠴᠢᠷ ᠨᠢ ᠪᠢ ᠳᠠᠭᠤᠳᠠᠭᠰᠠᠨ ᠪᠣᠯᠪᠠᠴᠤ ᠬᠡᠨ ᠴᠤ ᠬᠠᠷᠢᠭᠤᠯᠤᠭᠰᠠᠨ ᠦᠭᠡᠢ ᠪᠢ ᠶᠠᠷᠢᠭᠰᠠᠨ ᠪᠣᠯᠪᠠᠴᠤ ᠲᠡᠳᠡ ᠰᠣᠨᠣᠰᠣᠭᠰᠠᠨ ᠦᠭᠡᠢ᠂ ᠮᠢᠨᠦ ᠡᠮᠦᠨ᠎ᠡ ᠮᠠᠭᠤ ᠶᠢ ᠦᠢᠯᠡᠳᠦᠭᠰᠡᠭᠡᠷ ᠮᠢᠨᠦ ᠲᠠᠭᠠᠯᠠᠬᠤ ᠦᠭᠡᠢ ᠶᠢ ᠰᠣᠩ᠋ᠭᠣᠭᠰᠠᠨ ᠶᠤᠮ᠃
5 ᠶᠣᠬᠣᠸᠠ ᠶᠢᠨ ᠦᠭᠡ ᠶᠢ ᠰᠣᠨᠣᠰᠴᠠᠭ᠎ᠠ᠂ ᠲᠡᠭᠦᠨ ᠦ ᠦᠭᠡᠨ ᠡᠴᠡ ᠡᠮᠢᠶᠡᠭᠴᠢᠳ ᠡ᠄ 《ᠮᠢᠨᠦ ᠨᠡᠷ᠎ᠡ ᠡᠴᠡ ᠪᠣᠯᠵᠤ ᠲᠠ ᠨᠠᠷ ᠢ ᠦᠵᠡᠨ ᠶᠠᠳᠠᠵᠤ ᠭᠠᠳᠠᠭᠤᠷᠬᠠᠳᠠᠭ ᠠᠬ᠎ᠠ ᠳᠡᠭᠦᠦᠰ ᠴᠢᠨᠢ 〈ᠶᠣᠬᠣᠸᠠ ᠠᠯᠳᠠᠷᠰᠢᠭ ᠳᠠ ᠪᠢᠳᠡ ᠪᠠᠶᠠᠷᠯᠠᠬᠤ ᠶᠢ ᠴᠢᠨᠢ ᠦᠵᠡᠶ᠎ᠡ ᠳᠠ〉 ᠭᠡᠯᠴᠡᠪᠡ᠂ ᠢᠴᠢᠭᠦᠷᠢ ᠳᠤ ᠣᠷᠣᠬᠤ ᠨᠢ ᠲᠡᠳᠡ ᠪᠣᠯᠣᠨ᠎ᠠ᠃
6 ᠬᠣᠲᠠ ᠠᠴᠠ ᠱᠤᠤᠭᠢᠶᠠᠨ ᠭᠠᠷᠴᠤ ᠥᠷᠭᠥᠭᠡᠨ ᠡᠴᠡ ᠳᠠᠭᠤ ᠭᠠᠷᠴᠤ ᠪᠠᠢᠨ᠎ᠠ᠂ ᠥᠰᠲᠡᠨ ᠨᠦᠭᠦᠳ ᠲᠡᠭᠡᠨ ᠬᠠᠷᠢᠭᠤ ᠥᠭᠴᠦ ᠪᠠᠢᠭ᠎ᠠ ᠶᠣᠬᠣᠸᠠ ᠶᠢᠨ ᠳᠠᠭᠤ ᠪᠠᠢᠨ᠎ᠠ᠃
7 ᠲᠡᠷᠡ ᠳᠣᠩᠰᠢᠵᠤ ᠡᠪᠡᠳᠬᠦ ᠡᠴᠡ ᠪᠡᠨ ᠡᠮᠦᠨ᠎ᠡ ᠲᠥᠷᠥᠭᠦᠯᠦᠭᠰᠡᠨ ᠲᠡᠷᠡ ᠳᠤᠩᠰᠢᠯᠲᠠ ᠢᠷᠡᠬᠦ ᠡᠴᠡ ᠡᠮᠦᠨ᠎ᠡ ᠬᠦᠦ ᠭᠠᠷᠭᠠᠭᠰᠠᠨ
8 ᠡᠢᠮᠦ ᠵᠦᠢᠯ ᠢ ᠬᠡᠨ ᠰᠣᠨᠣᠰᠴᠤ ᠪᠠᠢᠪᠠ︖ ᠡᠢᠮᠦ ᠵᠦᠢᠯ ᠢ ᠬᠡᠨ ᠦᠵᠡᠵᠦ ᠪᠠᠢᠪᠠ︖ ᠭᠠᠭᠴᠠ ᠡᠳᠦᠷ ᠲᠦ ᠭᠠᠵᠠᠷ ᠪᠤᠢ ᠪᠣᠯᠵᠤ ᠴᠢᠳᠠᠬᠤ ᠤᠤ︖ ᠭᠠᠭᠴᠠ ᠮᠥᠴᠡ ᠳᠦ ᠦᠨᠳᠦᠰᠦᠲᠡᠨ ᠲᠥᠷᠥᠵᠦ ᠴᠢᠳᠠᠬᠤ ᠤᠤ︖ ᠬᠠᠷᠢᠨ ᠽᠢᠶᠣᠨ ᠳᠤᠩᠰᠢᠨ ᠡᠪᠡᠳᠦᠩᠭᠦᠲᠡ ᠬᠡᠦᠬᠡᠳ ᠤᠳ ᠢᠶᠠᠨ ᠲᠥᠷᠥᠭᠦᠯᠪᠡ᠃
9 ᠶᠣᠬᠣᠸᠠ ᠠᠢᠯᠠᠳᠴᠤ ᠪᠠᠢᠨ᠎ᠠ᠂ ᠠᠮᠠᠰᠠᠷ ᠳᠡᠭᠡᠷ᠎ᠡ ᠨᠢ ᠠᠪᠴᠢᠷᠠᠭᠰᠠᠨ ᠪᠢ ᠲᠥᠷᠥᠭᠦᠯᠬᠦ ᠦᠭᠡᠢ ᠭᠡᠵᠢ ᠤᠤ︖ ᠴᠢᠨᠦ ᠪᠤᠷᠬᠠᠨ ᠠᠢᠯᠠᠳᠴᠤ ᠪᠠᠢᠨ᠎ᠠ᠂ ᠲᠥᠷᠥᠯᠲᠡ ᠶᠢ ᠵᠥᠪᠰᠢᠶᠡᠷᠡᠭᠰᠡᠨ ᠪᠢ ᠤᠮᠠᠢ ᠶᠢ ᠬᠠᠭᠠᠨ᠎ᠠ ᠭᠡᠵᠢ ᠤᠤ︖
10 ᠶᠧᠷᠦ᠋ᠰᠠᠯᠧᠮ ᠢ ᠬᠠᠢᠷᠠᠯᠠᠭᠴᠢᠳ ᠪᠦᠭᠦᠳᠡ ᠲᠡᠭᠦᠨ ᠳᠣᠲᠣᠷ᠎ᠠ ᠪᠠᠶᠠᠷᠯᠠᠵᠠᠭᠠ᠂ ᠲᠡᠭᠦᠨ ᠳᠣᠲᠣᠷ᠎ᠠ ᠨᠠᠷᠭᠢᠯᠳᠤ ᠲᠡᠭᠦᠨ ᠦ ᠲᠥᠯᠥᠭᠡ ᠭᠠᠰᠢᠭᠤᠳᠠᠭᠰᠠᠳ ᠪᠦᠭᠦᠳᠡ ᠲᠡᠭᠦᠨ ᠲᠡᠢ ᠬᠠᠮᠲᠤ ᠪᠠᠶᠠᠰᠤᠨ ᠪᠠᠶᠠᠰᠤᠭᠲᠤᠨ᠃
11 ᠤᠴᠢᠷ ᠨᠢ ᠲᠠ ᠨᠠᠷ ᠲᠠᠢᠪᠤᠰᠢᠷᠠᠭᠤᠯᠤᠭᠴᠢ ᠬᠥᠬᠥᠨ ᠡᠴᠡ ᠨᠢ ᠬᠥᠬᠥᠵᠦ ᠴᠠᠳᠬᠤ ᠪᠣᠯᠣᠨ᠎ᠠ ᠬᠠᠨᠲᠠᠯ᠎ᠠ ᠪᠠᠨ ᠬᠥᠬᠥᠵᠦ ᠦᠯᠡᠮᠵᠢ ᠠᠯᠳᠠᠷ ᠢᠶᠠᠷ ᠨᠢ ᠪᠠᠶᠠᠰᠤᠨ᠎ᠠ᠂
12 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠲᠡᠭᠦᠨ ᠤᠷᠤᠭᠤ ᠠᠮᠤᠭᠤᠯᠠᠩ ᠢᠶᠠᠨ ᠭᠣᠣᠯ ᠮᠡᠲᠦ ᠤᠷᠤᠰᠬᠠᠵᠤ ᠬᠠᠷᠢᠴᠤᠳ ᠤᠨ ᠡᠳ᠋ ᠪᠠᠶᠠᠯᠢᠭ 24 ᠢ ᠦᠶᠡᠷ ᠮᠡᠲᠦ ᠶᠠᠪᠤᠭᠤᠯᠤᠨ᠎ᠠ᠂ ᠲᠠ ᠨᠠᠷ ᠬᠥᠬᠥᠵᠦ᠂ ᠭᠠᠷ ᠳᠡᠭᠡᠷ᠎ᠡ ᠨᠢ ᠲᠡᠪᠡᠷᠢᠭᠦᠯᠵᠦ᠂ ᠡᠪᠦᠳᠦᠭ ᠳᠡᠭᠡᠷ᠎ᠡ ᠨᠢ ᠡᠩᠬᠦᠷᠡᠢᠯᠡᠭᠳᠡᠨᠡ᠃
13 ᠡᠬᠡ ᠬᠥᠮᠦᠨ ᠲᠠᠢᠪᠤᠰᠢᠷᠠᠭᠤᠯᠳᠠᠭ ᠰᠢᠭ᠋ ᠪᠢ ᠲᠠ ᠨᠠᠷ ᠢ ᠲᠠᠢᠪᠤᠰᠢᠷᠠᠭᠤᠯᠤᠨᠠ ᠲᠠ ᠨᠠᠷ ᠶᠧᠷᠦ᠋ᠰᠠᠯᠧᠮ ᠳᠤ ᠲᠠᠢᠪᠤᠰᠢᠷᠠᠯ ᠢ ᠣᠯᠣᠨ᠎ᠠ᠃
14 ᠡᠳᠡᠭᠡᠷ ᠢ ᠦᠵᠡᠭᠡᠳ ᠵᠢᠷᠦᠬᠡ ᠴᠢᠨᠢ ᠪᠠᠶᠠᠰᠤᠨ᠎ᠠ ᠶᠠᠰᠤ ᠴᠢᠨᠢ ᠰᠢᠨᠡᠬᠡᠨ ᠡᠪᠡᠰᠦ ᠮᠡᠲᠦ ᠰᠡᠷᠭᠦᠨ᠎ᠡ ᠶᠣᠬᠣᠸᠠ ᠵᠠᠷᠤᠴᠠ ᠨᠠᠷ ᠲᠠᠭᠠᠨ ᠮᠤᠲᠤᠷ ᠢᠶᠠᠨ ᠲᠠᠨᠢᠭᠤᠯᠵᠤ ᠠᠭᠤᠷ ᠢᠶᠠᠨ ᠥᠰᠲᠡᠨ ᠨᠦᠭᠦᠳ ᠲᠡᠭᠡᠨ ᠢᠯᠡᠷᠬᠡᠶᠢᠯᠡᠨ᠎ᠡ᠃
15 ᠬᠠᠷ᠎ᠠ᠂ ᠶᠣᠬᠣᠸᠠ ᠭᠠᠯ ᠤᠨ ᠳᠤᠮᠳᠠ ᠠᠢᠰᠤᠢ᠂ ᠲᠡᠷᠭᠡ ᠨᠦᠭᠦᠳ ᠨᠢ ᠬᠤᠢ ᠰᠠᠯᠬᠢ ᠮᠡᠲᠦ᠂ ᠲᠡᠷᠡ ᠰᠢᠲᠠᠭᠰᠠᠨ ᠬᠢᠯᠢᠩ ᠢᠶᠠᠷ ᠬᠠᠷᠢᠭᠤᠯᠵᠤ ᠭᠠᠯ ᠤᠨ ᠳᠥᠯᠥ ᠪᠡᠷ ᠭᠡᠰᠬᠡᠨᠡ᠃
16 ᠶᠣᠬᠣᠸᠠ ᠭᠠᠯ ᠪᠠ ᠢᠯᠳᠦ ᠪᠡᠷ ᠢᠶᠠᠨ ᠮᠢᠬᠠᠨ ᠪᠡᠶᠡᠲᠦ ᠪᠦᠬᠦᠨ ᠢ ᠰᠢᠭᠦᠬᠦ ᠳᠦ ᠶᠣᠬᠣᠸᠠ ᠳᠤ ᠨᠢᠳᠤᠯᠤᠭᠤᠯᠬᠤ ᠨᠢ ᠣᠯᠠᠨ᠃
17 ᠭᠣᠣᠯ ᠳᠤᠮᠳᠠᠬᠢ ᠨᠢᠭᠡᠨ ᠢ ᠳᠠᠭᠠᠵᠤ ᠴᠡᠴᠡᠷᠯᠢᠭ ᠤᠷᠤᠭᠤ ᠣᠷᠣᠬᠤ ᠪᠠᠷ ᠪᠡᠶ᠎ᠡ ᠪᠡᠨ ᠲᠤᠰᠠᠭᠠᠷᠯᠠᠨ ᠴᠡᠪᠡᠷᠰᠢᠭᠦᠯᠵᠦ ᠭᠠᠬᠠᠢ᠂ ᠵᠢᠭᠰᠢᠭᠦᠷᠢᠲᠦ ᠵᠦᠢᠯ ᠪᠠ ᠬᠤᠯᠤᠭᠠᠨ᠎ᠠ ᠶᠢ ᠢᠳᠡᠭᠴᠢᠳ ᠬᠠᠮᠲᠤ ᠳᠠᠭᠠᠨ ᠡᠴᠦᠰᠯᠡᠬᠦ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠂
18 ᠪᠢ ᠲᠡᠳᠡᠨ ᠦ ᠦᠢᠯᠡᠰ᠂ ᠲᠡᠳᠡᠨ ᠦ ᠪᠣᠳᠣᠯ ᠢ ᠮᠡᠳᠡᠨ᠎ᠡ᠃ ᠴᠠᠭ ᠪᠣᠯᠬᠤ ᠳᠤ᠂ ᠪᠢ ᠬᠠᠮᠤᠭ ᠦᠨᠳᠦᠰᠦᠲᠡᠨ ᠪᠠ ᠬᠡᠯᠡᠲᠡᠨ ᠢ ᠴᠤᠭᠯᠠᠭᠤᠯᠬᠤ ᠪᠥᠭᠡᠳ ᠲᠡᠳᠡ ᠢᠷᠡᠵᠦ᠂ ᠴᠣᠭ ᠵᠢᠪᠬᠤᠯᠠᠩ ᠢ ᠮᠢᠨᠢ ᠬᠠᠷᠠᠨ᠎ᠠ᠃ 19 ᠪᠢ ᠲᠡᠳᠡᠨ ᠦ ᠳᠤᠮᠳᠠ ᠲᠡᠮᠳᠡᠭ ᠲᠠᠯᠪᠢᠵᠤ᠂ ᠲᠡᠳᠡᠨ ᠦ ᠳᠦᠷᠪᠡᠭᠰᠡᠳ ᠢ ᠲᠠᠷᠱᠢᠱ᠂ ᠯᠢᠪᠢᠶᠠ᠂ ᠬᠠᠷᠪᠤᠭᠠᠴᠢᠨ ᠯᠦᠳ᠋᠂ ᠲᠦᠪᠠᠯ᠂ ᠭᠷᠧᠭ ᠤᠷᠤᠭᠤ᠂ ᠮᠥᠨ ᠮᠢᠨᠦ ᠨᠡᠷ᠎ᠡ ᠠᠯᠳᠠᠷ ᠢ ᠰᠣᠨᠣᠰᠣᠭ᠎ᠠ ᠦᠭᠡᠢ᠂ ᠮᠢᠨᠦ ᠴᠣᠭ ᠵᠢᠪᠬᠤᠯᠠᠩ ᠢ ᠦᠵᠡᠭᠡ ᠦᠭᠡᠢ ᠬᠣᠯᠠ ᠶᠢᠨ ᠠᠷᠠᠯ ᠤᠨ ᠣᠷᠣᠨ ᠢᠶᠠᠷ ᠶᠠᠪᠤᠭᠤᠯᠤᠨ᠎ᠠ᠃ ᠲᠡᠳᠡ ᠠᠯᠳᠠᠷ ᠢ ᠮᠢᠨᠢ ᠬᠠᠷᠢᠴᠤᠳ ᠤᠨ ᠳᠤᠮᠳᠠ ᠲᠤᠩ᠋ᠬᠠᠭᠯᠠᠬᠤ ᠪᠣᠯᠣᠨ᠎ᠠ᠃ 20 ᠲᠡᠳᠡ ᠲᠠ ᠨᠠᠷ ᠤᠨ ᠠᠬ᠎ᠠ ᠳᠡᠭᠦᠦᠰ ᠢ ᠶᠣᠬᠣᠸᠠ ᠳᠤ ᠡᠷᠭᠦᠬᠦ ᠪᠡᠯᠡᠭ ᠪᠣᠯᠭᠠᠨ ᠮᠣᠷᠢ᠂ ᠲᠡᠷᠭᠡ᠂ ᠰᠡᠦᠬᠡ᠂ ᠯᠠᠭᠤᠰᠠ᠂ ᠲᠡᠮᠡᠭᠡᠨ ᠳᠡᠭᠡᠷ᠎ᠡ ᠠᠴᠢᠨ ᠮᠢᠨᠦ ᠠᠷᠢᠭᠤᠨ ᠠᠭᠤᠯᠠ ᠪᠦᠬᠦᠢ ᠶᠧᠷᠦ᠋ᠰᠠᠯᠧᠮ ᠤᠷᠤᠭᠤ ᠠᠪᠴᠢᠷᠠᠬᠤ ᠪᠥᠭᠡᠳ ᠡᠨᠡ ᠨᠢ ᠢᠰᠷᠧᠯᠴᠦᠳ ᠦᠨ ᠢᠳᠡᠭᠡᠨ ᠡᠷᠭᠦᠯ ᠢᠶᠡᠨ ᠴᠡᠪᠡᠷ ᠰᠠᠪᠠᠨ ᠳᠤ ᠬᠢᠵᠦ ᠶᠣᠬᠣᠸᠠ ᠶᠢᠨ ᠥᠷᠭᠥᠭᠡᠨ ᠳᠦ ᠠᠪᠴᠢᠷᠠᠳᠠᠭ ᠲᠠᠢ ᠠᠳᠠᠯᠢ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠃ 21 ᠪᠢ ᠲᠡᠳᠡᠨ ᠦ ᠳᠣᠲᠣᠷ᠎ᠠ ᠠᠴᠠ ᠴᠤ ᠲᠠᠬᠢᠯᠴᠢ ᠪᠣᠯᠣᠨ ᠯᠧᠸᠢ ᠬᠥᠮᠦᠨ ᠢ ᠰᠢᠯᠢᠵᠦ ᠠᠪᠤᠨ᠎ᠠ᠂ ᠶᠣᠬᠣᠸᠠ ᠠᠢᠯᠠᠳᠤᠯ᠎ᠠ᠃
22 ᠶᠣᠬᠣᠸᠠ ᠠᠢᠯᠠᠳᠴᠤ ᠪᠠᠢᠨ᠎ᠠ᠂ ᠮᠢᠨᠦ ᠪᠦᠲᠦᠭᠡᠬᠦ ᠰᠢᠨ᠎ᠡ ᠲᠩᠷᠢ᠂ ᠰᠢᠨ᠎ᠡ ᠭᠠᠵᠠᠷ ᠮᠢᠨᠦ ᠡᠮᠦᠨ᠎ᠡ ᠦᠷᠭᠦᠯᠵᠢ ᠪᠠᠢᠳᠠᠭ ᠮᠡᠲᠦ ᠲᠠ ᠨᠠᠷ ᠤᠨ ᠦᠷ᠎ᠡ ᠤᠳᠤᠮ ᠲᠠ ᠨᠠᠷ ᠤᠨ ᠨᠡᠷ᠎ᠡ ᠲᠡᠢᠨ ᠬᠦ ᠪᠠᠢᠬᠤ ᠪᠣᠯᠣᠨ᠎ᠠ᠂
23 ᠶᠣᠬᠣᠸᠠ ᠠᠢᠯᠠᠳᠴᠤ ᠪᠠᠢᠨ᠎ᠠ᠂ ᠮᠢᠬᠠᠨ ᠪᠡᠶᠡᠲᠦ ᠪᠦᠬᠦᠨ ᠰᠠᠷ᠎ᠠ ᠶᠢᠨ ᠡᠬᠢᠨ ᠪᠣᠯᠭᠠᠨ ᠳᠤ ᠮᠥᠨ ᠠᠮᠠᠷᠠᠯ ᠤᠨ ᠡᠳᠦᠷ ᠪᠣᠯᠭᠠᠨ ᠳᠤ ᠮᠢᠨᠦ ᠡᠮᠦᠨ᠎ᠡ ᠮᠥᠷᠭᠥᠬᠦ ᠪᠡᠷ ᠢᠷᠡᠨ᠎ᠡ᠂
24 ᠲᠡᠳᠡ ᠭᠠᠷᠴᠤ ᠶᠠᠪᠤᠨ᠎ᠠ᠂ ᠨᠠᠮᠠᠶᠢ ᠡᠰᠡᠷᠭᠦᠴᠡᠭᠴᠢᠳ ᠤᠨ ᠬᠡᠭᠦᠷ ᠢ ᠦᠵᠡᠨ᠎ᠡ ᠲᠡᠳᠡᠨ ᠦ ᠥᠲᠥ ᠨᠢ ᠦᠬᠦᠬᠦ ᠦᠭᠡᠢ ᠭᠠᠯ ᠨᠢ ᠤᠨᠲᠠᠷᠠᠬᠤ ᠦᠭᠡᠢ ᠲᠡᠳᠡ ᠮᠢᠬᠠᠨ ᠪᠡᠶᠡᠲᠦ ᠪᠦᠬᠦᠨ ᠦ ᠵᠢᠪᠡᠭᠦᠴᠡᠯ ᠪᠣᠯᠣᠨ᠎ᠠ᠃