ᠢᠰᠠᠢᠶ᠎ᠠ ᠳᠥᠴᠢ ᠶᠢᠰᠦ
ᠮᠧᠰᠢᠶ᠎ᠠ ᠶᠢᠨ ᠡᠭᠦᠷᠭᠡᠯᠡᠯ
1 ᠠᠷᠠᠯ ᠤᠳ ᠡ᠂ ᠮᠢᠨᠦᠬᠢ ᠶᠢ ᠰᠣᠨᠣᠰ ᠠᠯᠤᠰ ᠤᠨ ᠦᠨᠳᠦᠰᠦᠲᠡᠨ ᠨᠦᠭᠦᠳ ᠡ᠂ ᠠᠩ᠋ᠬᠠᠷ ᠲᠥᠷᠥᠬᠦ ᠡᠴᠡ ᠮᠢᠨᠢ ᠡᠮᠦᠨ᠎ᠡ ᠶᠣᠬᠣᠸᠠ ᠨᠠᠮᠠᠶᠢ ᠳᠠᠭᠤᠳᠠᠭᠰᠠᠨ ᠡᠬᠡ ᠶᠢᠨ ᠬᠡᠪᠡᠯᠢ ᠳᠤ ᠪᠠᠢᠬᠤ ᠠᠴᠠ ᠮᠢᠨᠢ ᠲᠡᠷᠡ ᠨᠡᠷ᠎ᠡ ᠶᠢ ᠮᠢᠨᠢ ᠳᠤᠷᠠᠳᠤᠭᠰᠠᠨ᠃
2 ᠠᠮᠠ ᠶᠢ ᠮᠢᠨᠢ ᠲᠡᠷᠡ ᠬᠤᠷᠴᠠ ᠢᠯᠳᠦ ᠮᠡᠲᠦ ᠪᠣᠯᠭᠠᠨ ᠮᠤᠲᠤᠷ ᠤᠨ ᠢᠶᠠᠨ ᠰᠡᠭᠦᠳᠡᠷ ᠲᠦ ᠨᠠᠮᠠᠶᠢ ᠳᠠᠯᠳᠠᠯᠠᠵᠤ ᠢᠷᠯᠡᠭᠰᠡᠨ ᠰᠤᠮᠤ ᠮᠡᠲᠦ ᠪᠣᠯᠭᠠᠨ ᠰᠠᠭᠠᠳᠠᠭ ᠳᠣᠲᠣᠷ᠎ᠠ ᠪᠠᠨ ᠨᠠᠮᠠᠶᠢ ᠨᠢᠭᠤᠵᠤ᠂
3 ᠨᠠᠳᠠ ᠳᠤ᠄ 《ᠴᠢ ᠪᠣᠯ ᠮᠢᠨᠦ ᠵᠠᠷᠤᠴᠠ᠂ ᠢᠰᠷᠧᠯ ᠡ ᠴᠢᠮ᠎ᠠ ᠪᠠᠷ ᠳᠠᠮᠵᠢᠨ ᠪᠢ ᠠᠯᠳᠠᠷᠰᠢᠨ᠎ᠠ》 ᠭᠡᠵᠡᠢ᠃
4 ᠬᠠᠷᠢᠨ ᠪᠢ᠄ 《ᠳᠡᠮᠡᠢ ᠵᠦᠳᠡᠷᠡᠵᠦ᠂ ᠬᠦᠴᠦ ᠪᠡᠨ ᠬᠡᠷᠡᠭ ᠦᠭᠡᠢ ᠬᠣᠭᠣᠰᠣᠨ ᠳᠤ ᠵᠠᠷᠤᠴᠠᠭᠤᠯᠵᠠᠢ ᠭᠡᠪᠡᠴᠦ ᠰᠢᠭᠦᠯᠲᠡ ᠮᠢᠨᠢ ᠶᠣᠬᠣᠸᠠ ᠳᠤ ᠱᠠᠩᠨᠠᠯ ᠮᠢᠨᠢ ᠪᠤᠷᠬᠠᠨ ᠳᠤ ᠪᠠᠢᠨ᠎ᠠ》 ᠭᠡᠰᠡᠨ᠃
5 ᠣᠳᠣ ᠶᠣᠬᠣᠸᠠ ᠠᠢᠯᠠᠳᠴᠤ ᠪᠠᠢᠨ᠎ᠠ᠄ ᠲᠡᠷᠡ ᠪᠣᠯ ᠶᠠᠺᠣᠪ ᠢ ᠥᠪᠡᠷ ᠲᠡᠭᠡᠨ ᠪᠤᠴᠠᠭᠠᠨ ᠠᠪᠴᠢᠷᠠᠵᠤ ᠢᠰᠷᠧᠯ ᠢ ᠥᠪᠡᠷ ᠤᠷᠤᠭᠤ ᠪᠠᠨ ᠴᠤᠭᠯᠠᠷᠠᠭᠤᠯᠬᠤ ᠪᠠᠷ ᠡᠬᠡ ᠶᠢᠨ ᠬᠡᠪᠡᠯᠢ ᠳᠤ ᠪᠠᠢᠬᠤ ᠠᠴᠠ ᠮᠢᠨᠢ ᠨᠠᠮᠠᠶᠢ ᠬᠡᠯᠪᠡᠷᠢᠵᠢᠭᠦᠯᠦᠭᠰᠡᠨ ᠨᠢᠭᠡᠨ ᠶᠤᠮ᠂ ᠶᠣᠬᠣᠸᠠ ᠶᠢᠨ ᠮᠡᠯᠮᠡᠢ ᠳᠦ ᠪᠢ ᠠᠯᠳᠠᠷ ᠬᠦᠨᠳᠦ ᠲᠠᠢ ᠮᠢᠨᠦ ᠪᠤᠷᠬᠠᠨ ᠮᠢᠨᠦ ᠬᠦᠴᠦ ᠪᠣᠯᠣᠯ᠎ᠠ᠃
6 ᠲᠡᠷᠡ᠄ 《ᠮᠢᠨᠦ ᠵᠠᠷᠤᠴᠠ ᠪᠣᠯᠵᠤ ᠶᠠᠺᠣᠪ ᠤᠨ ᠣᠪᠣᠭ ᠤᠳ ᠢ ᠪᠣᠰᠬᠠᠨ ᠢᠰᠷᠧᠯ ᠤᠨ ᠦᠯᠡᠳᠡᠭᠰᠡᠳ ᠢ ᠰᠡᠷᠭᠦᠭᠡᠬᠦ ᠨᠢ ᠴᠢᠮ᠎ᠠ ᠳᠤ ᠬᠥᠩᠭᠡᠨ ᠪᠢ ᠴᠢᠮᠠᠶᠢ ᠬᠠᠷᠢᠴᠤᠳ ᠤᠨ ᠭᠡᠷᠡᠯ ᠪᠣᠯᠭᠠᠶ᠎ᠠ ᠴᠢ ᠳᠡᠯᠡᠬᠡᠢ ᠶᠢᠨ ᠬᠢᠵᠠᠭᠠᠷ ᠬᠦᠷᠲᠡᠯ᠎ᠡ ᠮᠢᠨᠦ ᠠᠪᠤᠷᠠᠯ ᠢ ᠬᠦᠷᠭᠡᠬᠦ ᠪᠣᠯᠣᠨ᠎ᠠ》 ᠭᠡᠪᠡ᠃
7 ᠬᠥᠮᠦᠨ ᠦ ᠪᠠᠰᠤᠮᠵᠢᠯᠠᠯ᠂ ᠦᠨᠳᠦᠰᠦᠲᠡᠨ ᠦ ᠵᠢᠭ᠍ᠰᠢᠯ ᠵᠠᠬᠢᠷᠤᠭᠴᠢᠳ ᠤᠨ ᠵᠠᠷᠤᠴᠠ ᠪᠣᠯᠣᠭᠰᠠᠨ ᠲᠡᠭᠦᠨ ᠳᠦ ᠢᠰᠷᠧᠯ ᠢ ᠵᠣᠯᠢᠭᠴᠢ᠂ ᠠᠷᠢᠭᠤᠨ ᠨᠢᠭᠡᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠲᠡᠭᠡᠮᠵᠢᠲᠦ ᠶᠣᠬᠣᠸᠠ᠂ ᠴᠢᠮᠠᠶᠢ ᠰᠣᠩ᠋ᠭᠣᠭᠰᠠᠨ ᠢᠰᠷᠧᠯ ᠤᠨ ᠠᠷᠢᠭᠤᠨ ᠨᠢᠭᠡᠨ ᠦ ᠤᠯᠠᠮ ᠢᠶᠠᠷ ᠬᠠᠭᠠᠳ ᠦᠵᠡᠭᠡᠳ ᠪᠣᠰᠣᠨ᠎ᠠ ᠨᠣᠶᠠᠳ ᠴᠤ ᠮᠥᠷᠭᠥᠨ᠎ᠡ᠃》
ᠢᠰᠷᠧᠯ ᠤᠨ ᠰᠡᠷᠭᠦᠯᠲᠡ
8 ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠᠭᠠᠯᠠᠯ ᠤᠨ ᠴᠠᠭ ᠲᠠᠭᠠᠨ ᠪᠢ ᠴᠢᠮ᠎ᠠ ᠳᠤ ᠬᠠᠷᠢᠭᠤᠯᠤᠨ᠎ᠠ ᠠᠪᠤᠷᠠᠯ ᠤᠨ ᠡᠳᠦᠷ ᠪᠢ ᠴᠢᠮ᠎ᠠ ᠳᠤ ᠲᠤᠰᠠᠯᠠᠨ᠎ᠠ ᠪᠢ ᠴᠢᠮᠠᠶᠢ ᠬᠠᠮᠠᠭᠠᠯᠠᠵᠤ ᠠᠷᠠᠳ ᠲᠦᠮᠡᠨ ᠦ ᠭᠡᠷ᠎ᠡ ᠪᠣᠯᠭᠠᠨ᠎ᠠ ᠲᠡᠢᠨ ᠬᠦ ᠭᠠᠵᠠᠷ ᠢ ᠰᠡᠷᠭᠦᠭᠡᠵᠦ ᠡᠵᠡᠭᠦᠢᠷᠡᠭᠰᠡᠨ ᠥᠮᠴᠢ ᠶᠢ ᠨᠢ ᠡᠵᠡᠮᠰᠢᠭᠦᠯᠦᠨ᠎ᠡ᠂
9 ᠲᠡᠢᠨ ᠬᠦ ᠬᠣᠷᠢᠭᠳᠠᠭᠰᠠᠳ ᠲᠤ᠄ 〈ᠭᠠᠷᠴᠤ ᠢᠷ᠎ᠡ〉 ᠭᠡᠵᠦ ᠬᠠᠷᠠᠩ᠋ᠭᠤᠢ ᠳᠤ ᠪᠠᠢᠭᠰᠠᠳ ᠲᠤ᠄ 〈ᠢᠯᠡ ᠭᠠᠷ〉 ᠭᠡᠵᠦ ᠬᠡᠯᠡᠨ᠎ᠡ ᠨᠢᠴᠦᠭᠦᠨ ᠲᠣᠯᠣᠭᠠᠳ ᠪᠣᠯᠭᠠᠨ ᠲᠡᠳᠡᠨ ᠦ ᠪᠡᠯᠴᠢᠭᠡᠷ ᠪᠣᠯᠵᠤ ᠲᠡᠳᠡ ᠵᠠᠮ ᠳᠡᠭᠡᠷ᠎ᠡ ᠪᠡᠨ ᠢᠳᠡᠰᠢᠯᠡᠬᠦ ᠪᠣᠯᠣᠨ᠎ᠠ᠃
10 ᠲᠡᠳᠡ ᠥᠯᠥᠰᠬᠦ ᠦᠭᠡᠢ᠂ ᠴᠠᠩ᠋ᠭᠠᠬᠤ ᠦᠭᠡᠢ ᠬᠠᠯᠠᠭᠤᠨ ᠳᠤ ᠴᠤ᠂ ᠨᠠᠷᠠᠨ ᠳᠤ ᠴᠤ ᠴᠣᠬᠢᠭᠤᠯᠬᠤ ᠦᠭᠡᠢ ᠲᠡᠳᠡᠨ ᠢ ᠡᠨᠡᠷᠢᠭ᠍ᠴᠢ ᠨᠢ ᠲᠡᠳᠡᠨ ᠢ ᠬᠥᠲᠥᠯᠥᠨ ᠤᠰᠤᠨ ᠤ ᠤᠨᠳᠤᠷᠭ᠎ᠠ ᠤᠷᠤᠭᠤ ᠤᠳᠤᠷᠢᠳᠤᠨ᠎ᠠ᠃
11 ᠪᠢ ᠪᠦᠬᠦ ᠠᠭᠤᠯᠠ ᠪᠠᠨ ᠵᠠᠮ ᠪᠣᠯᠭᠠᠵᠤ ᠶᠡᠬᠡ ᠵᠠᠮ ᠤᠳ ᠢᠶᠠᠨ ᠥᠨᠳᠥᠷ ᠪᠣᠯᠭᠠᠨ᠎ᠠ᠃
12 〈ᠬᠠᠷ᠎ᠠ᠂ ᠠᠯᠤᠰ ᠬᠣᠯᠠ ᠠᠴᠠ ᠲᠡᠳᠡ ᠠᠢᠰᠤᠢ ᠬᠠᠷ᠎ᠠ᠂ ᠵᠠᠷᠢᠮ ᠨᠢ ᠤᠮᠠᠷᠠᠲᠤ ᠠᠴᠠ᠂ ᠥᠷᠥᠨᠡᠲᠦ ᠡᠴᠡ ᠵᠠᠷᠢᠮ ᠨᠢ ᠰᠢᠨᠢᠮ ᠨᠤᠲᠤᠭ ᠠᠴᠠ ᠠᠢᠰᠤᠢ᠂
13 ᠲᠩᠷᠢ ᠡ᠂ ᠳᠠᠭᠤᠯᠠᠭᠲᠤᠨ ᠭᠠᠵᠠᠷ ᠡ᠂ ᠪᠠᠶᠠᠰᠤᠭᠲᠤᠨ ᠠᠭᠤᠯᠠᠰ ᠡ᠂ ᠪᠠᠬᠠᠳᠤᠨ ᠳᠠᠭᠤᠯᠠᠭᠲᠤᠨ ᠶᠣᠬᠣᠸᠠ ᠠᠷᠠᠳ ᠲᠦᠮᠡᠨ ᠢᠶᠡᠨ ᠲᠠᠢᠪᠤᠰᠢᠷᠠᠭᠤᠯᠤᠭᠰᠠᠨ ᠶᠣᠬᠣᠸᠠ ᠵᠣᠪᠠᠭᠰᠠᠨ ᠬᠥᠮᠦᠰ ᠢᠶᠡᠨ ᠡᠨᠡᠷᠢᠨᠡ᠂
14 ᠭᠡᠪᠡᠴᠦ ᠽᠢᠶᠣᠨ᠄ 〈ᠶᠣᠬᠣᠸᠠ ᠨᠠᠮᠠᠶᠢ ᠣᠷᠬᠢᠭᠰᠠᠨ᠂ ᠡᠵᠡᠨ ᠨᠠᠮᠠᠶᠢ ᠤᠮᠠᠷᠲᠠᠭᠰᠠᠨ〉》 ᠭᠡᠨ᠎ᠡ᠂
15 《ᠡᠬᠡ ᠬᠥᠮᠦᠨ ᠬᠡᠪᠡᠯᠢ ᠳᠠᠬᠢ ᠬᠦᠦ ᠪᠡᠨ ᠡᠨᠡᠷᠢᠬᠦ ᠦᠭᠡᠢ ᠬᠥᠬᠥᠭᠦᠯ ᠬᠡᠦᠬᠡᠳ ᠢᠶᠡᠨ ᠮᠠᠷᠲᠠᠨ᠎ᠠ ᠭᠡᠵᠢ ᠤᠤ︖ ᠲᠡᠳᠡ ᠮᠠᠷᠲᠠᠵᠤ ᠪᠣᠯᠬᠤ ᠴᠤ ᠪᠢ ᠴᠢᠮᠠᠶᠢ ᠮᠠᠷᠲᠠᠬᠤ ᠦᠭᠡᠢ᠃
16 ᠬᠠᠷ᠎ᠠ᠂ ᠪᠢ ᠴᠢᠮᠠᠶᠢ ᠠᠯᠠᠭᠠᠨ ᠳᠠᠭᠠᠨ ᠰᠡᠢᠯᠦᠭᠰᠡᠨ ᠬᠠᠨ᠎ᠠ᠂ ᠬᠡᠷᠡᠮ ᠤᠳ ᠴᠢᠨᠢ ᠦᠷᠭᠦᠯᠵᠢ ᠮᠢᠨᠦ ᠡᠮᠦᠨ᠎ᠡ ᠪᠠᠢᠨ᠎ᠠ᠃
17 ᠴᠢᠨᠦ ᠬᠥᠪᠡᠭᠦᠳ ᠶᠠᠭᠠᠷᠠᠨ ᠢᠷᠡᠨ᠎ᠡ ᠴᠢᠮᠠᠶᠢ ᠲᠠᠯᠬᠢᠳᠠᠭᠴᠢᠳ ᠪᠠ ᠰᠦᠢᠳᠬᠡᠭᠴᠢᠳ ᠴᠢᠮ᠎ᠠ ᠠᠴᠠ ᠰᠠᠯᠤᠨ᠎ᠠ᠂
18 ᠴᠢ ᠨᠢᠳᠦ ᠪᠡᠨ ᠡᠷᠭᠦᠨ᠂ ᠡᠷᠭᠢᠨ ᠲᠣᠭᠣᠷᠢᠨ ᠢᠶᠠᠨ ᠬᠠᠷ᠎ᠠ ᠲᠡᠳᠡ ᠪᠦᠭᠦᠳᠡ ᠴᠤᠭᠯᠠᠨ ᠴᠢᠮ᠎ᠠ ᠤᠷᠤᠭᠤ ᠠᠢᠰᠤᠢ᠂ ᠶᠣᠬᠣᠸᠠ ᠲᠤᠩ᠋ᠬᠠᠭᠯᠠᠵᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠴᠢ ᠯᠠᠪᠲᠠᠢ ᠲᠡᠳᠡᠨ ᠢ ᠴᠢᠮᠡᠭ ᠮᠡᠲᠦ ᠵᠡᠭᠦᠵᠦ ᠰᠦᠢᠲᠦ ᠪᠦᠰᠡᠭᠦᠢ ᠮᠡᠲᠦ ᠲᠡᠳᠡᠨ ᠢᠶᠡᠷ ᠭᠣᠶᠣᠬᠤ ᠪᠣᠯᠣᠨ᠎ᠠ᠃
19 ᠰᠦᠢᠷᠡᠵᠦ ᠬᠣᠭᠣᠰᠣᠷᠠᠭᠰᠠᠨ᠂ ᠡᠵᠡᠭᠦᠢ ᠪᠠᠢᠭᠰᠠᠨ ᠨᠤᠲᠤᠭ ᠴᠢᠨᠢ ᠡᠳᠦᠭᠡ ᠰᠠᠭᠤᠭᠠᠯᠢᠴᠢᠳ ᠢᠶᠠᠨ ᠪᠠᠭᠲᠠᠭᠠᠵᠤ ᠶᠠᠳᠠᠬᠤ ᠪᠣᠯᠵᠠᠢ᠂ ᠴᠢᠮᠠᠶᠢ ᠵᠠᠯᠭᠢᠭᠴᠢᠳ ᠨᠢ ᠬᠣᠯᠠᠳᠠᠬᠤ ᠪᠣᠯᠣᠨ᠎ᠠ᠃
20 ᠬᠠᠭᠠᠴᠠᠭᠰᠠᠨ ᠤ ᠳᠠᠷᠠᠭ᠎ᠠ ᠬᠡᠦᠬᠡᠳ ᠤᠳ ᠴᠢᠨᠢ ᠴᠢᠨᠦ ᠴᠢᠬᠢᠨ ᠳᠤ᠄ 〈ᠡᠨᠡ ᠭᠠᠵᠠᠷ ᠳᠠᠪᠴᠢᠭᠤ ᠪᠠᠢᠨ᠎ᠠ ᠰᠠᠭᠤᠬᠤ ᠭᠠᠵᠠᠷ ᠣᠯᠵᠤ ᠥᠭᠭᠥᠭᠡᠴᠢ〉 ᠭᠡᠬᠦ ᠪᠣᠯᠣᠨ᠎ᠠ᠃
21 ᠲᠡᠭᠡᠬᠦ ᠳᠦ ᠴᠢ ᠳᠣᠲᠣᠷ᠎ᠠ ᠪᠠᠨ 〈ᠬᠡᠨ ᠲᠡᠳᠡᠨ ᠢ ᠨᠠᠳᠠ ᠳᠤ ᠲᠥᠷᠥᠭᠦᠯᠦᠭᠰᠡᠨ ᠪᠤᠢ︖ ᠬᠠᠷ᠎ᠠ᠂ ᠪᠢ ᠭᠠᠭᠴᠠᠭᠠᠷ ᠦᠯᠡᠳᠡᠭᠡᠳ ᠪᠠᠢᠭᠰᠠᠨ ᠲᠡᠳᠡ ᠬᠠᠮᠢᠭ᠎ᠠ ᠨᠢ ᠪᠠᠢᠪᠠ︖ ᠪᠢ ᠬᠡᠦᠬᠡᠳ ᠦᠭᠡᠢ ᠭᠠᠭᠴᠠᠭᠠᠷ ᠴᠥᠯᠡᠭᠳᠡᠵᠦ ᠬᠠᠶᠠᠭᠳᠠᠭᠰᠠᠨ ᠬᠡᠨ ᠲᠡᠳᠡᠨ ᠢ ᠥᠰᠭᠡᠪᠡ︖〉 ᠭᠡᠬᠦ ᠪᠣᠯᠣᠨ᠎ᠠ᠃》
22 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠬᠠᠷᠢᠴᠤᠳ ᠢ ᠳᠣᠬᠢᠨ ᠳᠠᠭᠤᠳᠠᠨ᠎ᠠ ᠦᠨᠳᠦᠰᠦᠲᠡᠨ ᠨᠦᠭᠦᠳ ᠦᠨ ᠲᠥᠯᠥᠭᠡ ᠲᠤᠭ ᠢᠶᠠᠨ ᠡᠷᠭᠦᠨ᠎ᠡ ᠲᠡᠳᠡ ᠬᠥᠪᠡᠭᠦᠳ ᠢ ᠴᠢᠨᠢ ᠡᠪᠦᠷ ᠲᠡᠭᠡᠨ ᠲᠡᠪᠡᠷᠢᠵᠦ ᠥᠬᠢᠳ ᠢ ᠴᠢᠨᠢ ᠮᠥᠷᠥᠨ ᠳᠡᠭᠡᠷ᠎ᠡ ᠪᠡᠨ ᠡᠭᠦᠷᠦᠨ᠎ᠡ᠃
23 ᠬᠠᠭᠠᠳ ᠨᠢ ᠴᠢᠮᠠᠶᠢ ᠥᠰᠭᠡᠭᠴᠢᠳ ᠬᠠᠲᠤᠳ ᠨᠢ ᠴᠢᠨᠦ ᠥᠷᠯᠥᠭ ᠡᠬᠡ ᠪᠣᠯᠵᠤ ᠨᠢᠭᠤᠷ ᠢᠶᠠᠨ ᠭᠠᠵᠠᠷ ᠲᠤ ᠨᠠᠭᠠᠨ ᠴᠢᠮ᠎ᠠ ᠳᠤ ᠪᠥᠬᠥᠢᠵᠦ ᠬᠥᠯ ᠦᠨ ᠴᠢᠨᠢ ᠲᠣᠭᠣᠰᠣ ᠶᠢ ᠳᠣᠯᠢᠶᠠᠬᠤ ᠳᠤ ᠨᠠᠮᠠᠶᠢ ᠶᠣᠬᠣᠸᠠ ᠭᠡᠳᠡᠭ ᠢ ᠴᠢ ᠮᠡᠳᠡᠬᠦ ᠪᠣᠯᠣᠨ᠎ᠠ ᠨᠠᠳᠠ ᠳᠤ ᠨᠠᠢᠳᠠᠭᠴᠢᠳ ᠢᠴᠢᠭᠦᠷᠢ ᠳᠤ ᠣᠷᠣᠬᠤ ᠦᠭᠡᠢ᠃
24 ᠳᠠᠢᠴᠢᠨ ᠠᠴᠠ ᠣᠯᠵᠠ ᠶᠢ ᠨᠢ ᠪᠤᠯᠢᠶᠠᠵᠤ ᠴᠢᠳᠠᠬᠤ ᠤᠤ︖ ᠳᠠᠷᠤᠯᠠᠭᠴᠢ ᠡᠴᠡ ᠣᠯᠵᠠᠯᠠᠭᠳᠠᠭᠴᠢ ᠶᠢ ᠨᠢ ᠠᠪᠴᠤ ᠴᠢᠳᠠᠬᠤ ᠤᠤ︖》
25 ᠶᠣᠬᠣᠸᠠ ᠡᠢᠨ ᠬᠦ ᠠᠢᠯᠠᠳᠴᠤ ᠪᠠᠢᠨ᠎ᠠ᠄ 《ᠳᠠᠢᠴᠢᠨ ᠠᠴᠠ ᠣᠯᠵᠠᠯᠠᠭᠳᠠᠭᠴᠢ ᠶᠢ ᠨᠢ ᠪᠤᠯᠢᠶᠠᠵᠤ ᠳᠠᠷᠤᠯᠠᠭᠴᠢ ᠡᠴᠡ ᠣᠯᠵᠠ ᠶᠢ ᠨᠢ ᠠᠪᠤᠨ᠎ᠠ ᠪᠢ ᠴᠢᠮ᠎ᠠ ᠲᠠᠢ ᠲᠡᠮᠡᠴᠡᠭᠴᠢ ᠲᠠᠢ ᠲᠡᠮᠡᠴᠡᠵᠦ ᠬᠡᠦᠬᠡᠳ ᠢ ᠴᠢᠨᠢ ᠠᠪᠤᠷᠠᠨ᠎ᠠ᠃
26 ᠪᠢ ᠴᠢᠮᠠᠶᠢ ᠳᠠᠷᠤᠯᠠᠭᠴᠢᠳ ᠢ ᠥᠪᠡᠷᠰᠡᠳ ᠦᠨ ᠬᠢᠨᠢ ᠮᠢᠬ᠎ᠠ ᠪᠠᠷ ᠬᠣᠭᠣᠯᠠᠯᠠᠨ᠎ᠠ ᠲᠡᠳᠡ ᠴᠢᠰᠤ ᠪᠠᠨ ᠠᠮᠲᠠᠲᠤ ᠳᠠᠷᠠᠰᠤ ᠮᠡᠲᠦ ᠤᠤᠭᠤᠵᠤ᠂ ᠰᠣᠭᠲᠣᠨ᠎ᠠ ᠲᠡᠭᠡᠬᠦ ᠳᠦ ᠮᠢᠬᠠᠨ ᠪᠡᠶᠡᠲᠦ ᠪᠦᠬᠦᠨ ᠴᠢᠨᠦ ᠠᠪᠤᠷᠠᠭᠴᠢ᠂ ᠴᠢᠨᠦ ᠵᠣᠯᠢᠭᠴᠢ ᠶᠠᠺᠣᠪ ᠤᠨ ᠬᠦᠴᠦᠲᠦ ᠨᠢᠭᠡᠨ ᠪᠣᠯ ᠶᠣᠬᠣᠸᠠ ᠪᠢ ᠭᠡᠳᠡᠭ ᠢ ᠮᠡᠳᠡᠬᠦ ᠪᠣᠯᠣᠨ᠎ᠠ᠃》