ᠢᠰᠠᠢᠶ᠎ᠠ ᠲᠠᠪᠢ
ᠨᠢᠭᠦᠯ ᠡᠴᠡ ᠪᠣᠯᠵᠤ ᠬᠥᠭᠡᠭᠡᠭᠳᠡᠪᠡ
1 ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠲᠠ ᠨᠠᠷ ᠤᠨ ᠡᠬᠡ ᠶᠢ ᠬᠥᠭᠡᠭᠡᠭᠰᠡᠨ ᠭᠡᠵᠢ ᠤᠤ︖ ᠲᠡᠢᠮᠦ ᠰᠠᠯᠤᠯᠲᠠ ᠶᠢᠨ ᠪᠢᠴᠢᠭ ᠬᠠᠮᠢᠭ᠎ᠠ ᠪᠠᠢᠨ᠎ᠠ︖ ᠠᠪᠴᠠᠭᠠᠲᠠᠨ ᠨᠢ ᠬᠡᠨ ᠪᠣᠯᠣᠭᠠᠳ ᠪᠢ ᠲᠠ ᠨᠠᠷ ᠢ ᠲᠡᠭᠦᠨ ᠳᠦ ᠬᠤᠳᠠᠯᠳᠤᠭᠰᠠᠨ ᠶᠤᠮ ᠪᠤᠢ︖ ᠬᠠᠷ᠎ᠠ᠂ ᠥᠪᠡᠷ ᠦᠨ ᠢᠶᠠᠨ ᠭᠡᠮ ᠡᠴᠡ ᠪᠣᠯᠵᠤ ᠲᠠ ᠨᠠᠷ ᠬᠤᠳᠠᠯᠳᠤᠭᠳᠠᠭᠰᠠᠨ ᠲᠠ ᠨᠠᠷ ᠤᠨ ᠨᠢᠭᠦᠯ ᠡᠴᠡ ᠪᠣᠯᠵᠤ ᠡᠬᠡ ᠴᠢᠨᠢ ᠬᠥᠭᠡᠭᠡᠭᠳᠡᠭᠰᠡᠨ᠃
2 ᠶᠠᠭᠠᠬᠢᠭᠠᠳ ᠪᠢ ᠢᠷᠡᠬᠦ ᠳᠦ ᠬᠥᠮᠦᠨ ᠠᠯᠠᠭ᠎ᠠ ᠪᠢ ᠳᠠᠭᠤᠳᠠᠬᠤ ᠳᠤ ᠬᠠᠷᠢᠭᠤᠯᠤᠭᠴᠢ ᠠᠯᠠᠭ᠎ᠠ ᠪᠠᠢᠪᠠ︖ ᠭᠠᠷ ᠮᠢᠨᠢ ᠵᠣᠯᠢᠵᠤ ᠠᠪᠴᠤ ᠴᠢᠳᠠᠬᠤ ᠪᠠᠷ ᠦᠭᠡᠢ ᠪᠣᠭᠣᠨᠢ ᠪᠠᠢᠨ᠎ᠠ ᠭᠡᠵᠢ ᠤᠤ︖ ᠨᠠᠳᠠ ᠳᠤ ᠠᠪᠤᠷᠠᠬᠤ ᠬᠦᠴᠦ ᠪᠠᠢᠬᠤ ᠦᠭᠡᠢ ᠭᠡᠵᠢ ᠤᠤ︖ ᠬᠠᠷ᠎ᠠ᠂ ᠪᠢ ᠵᠢᠮᠡᠯᠡᠬᠦ ᠳᠦ ᠳᠠᠯᠠᠢ ᠰᠢᠷᠭᠢᠵᠦ ᠭᠣᠣᠯ ᠴᠥᠯ ᠪᠣᠯᠵᠤ ᠤᠰᠤ ᠦᠭᠡᠢ ᠡᠴᠡ ᠵᠢᠭᠠᠰᠤ ᠴᠠᠩ᠋ᠭᠠᠨ ᠦᠬᠦᠵᠦ᠂ ᠥᠮᠡᠬᠡᠶᠢᠷᠡᠨᠡ᠃
3 ᠪᠢ ᠲᠩᠷᠢ ᠶᠢ ᠬᠠᠷᠠᠩ᠋ᠭᠤᠢ ᠪᠠᠷ ᠬᠤᠴᠢᠨ ᠲᠠᠭᠠᠷ ᠢ ᠲᠡᠳᠡᠨ ᠦ ᠨᠥᠮᠥᠷᠭᠡ ᠪᠣᠯᠭᠠᠨ᠎ᠠ᠃
ᠵᠠᠷᠤᠴᠠ ᠶᠢᠨ ᠳᠤᠭᠤᠯᠭᠠᠪᠤᠷᠢᠲᠠᠢ ᠦᠢᠯᠡᠴᠢᠯᠡᠯ
4 ᠡᠵᠡᠨ ᠶᠣᠬᠣᠸᠠ ᠨᠠᠳᠠ ᠳᠤ ᠰᠤᠷᠭᠠᠯᠲᠤ 19 ᠬᠡᠯᠡ ᠶᠢ ᠥᠭᠴᠦ ᠲᠤᠢᠯᠳᠠᠭᠰᠠᠨ ᠬᠥᠮᠦᠨ ᠳᠦ ᠲᠤᠰᠠ ᠪᠣᠯᠬᠤ ᠦᠭᠡ ᠶᠢ ᠮᠡᠳᠡᠭᠦᠯᠳᠡᠭ ᠥᠷᠯᠥᠭᠡ ᠥᠷᠯᠥᠭᠡ ᠲᠡᠷᠡ ᠨᠠᠮᠠᠶᠢ ᠰᠡᠷᠢᠭᠡᠵᠦ ᠴᠢᠬᠢ ᠶᠢ ᠮᠢᠨᠢ ᠴᠤ ᠰᠡᠷᠭᠦᠭᠡᠨ᠎ᠡ ᠪᠢ ᠰᠤᠷᠤᠭᠴᠢ ᠮᠡᠲᠦ ᠰᠣᠨᠣᠰᠬᠤ ᠪᠣᠯᠣᠨ᠎ᠠ᠃
5 ᠡᠵᠡᠨ ᠶᠣᠬᠣᠸᠠ ᠴᠢᠬᠢ ᠶᠢ ᠮᠢᠨᠢ ᠨᠡᠭᠡᠭᠡᠭᠰᠡᠨ ᠪᠢ ᠡᠰᠡᠷᠭᠦᠴᠡᠭᠡ ᠦᠭᠡᠢ᠂ ᠤᠬᠤᠷᠢᠭ᠎ᠠ ᠴᠤ ᠦᠭᠡᠢ᠃
6 ᠴᠣᠬᠢᠭᠴᠢᠳ ᠲᠤ ᠪᠢ ᠨᠢᠷᠤᠭᠤ ᠪᠠᠨ ᠰᠠᠬᠠᠯ ᠢ ᠮᠢᠨᠢ ᠦᠭᠲᠡᠭᠡᠭᠴᠢᠳ ᠲᠤ ᠬᠠᠴᠠᠷ ᠢᠶᠠᠨ ᠥᠭᠪᠡ ᠳᠣᠷᠣᠮᠵᠢᠯᠠᠯ ᠪᠣᠯᠣᠨ ᠰᠢᠯᠦᠰᠦ ᠡᠴᠡ ᠨᠢ ᠪᠢ ᠨᠢᠭᠤᠷ ᠢᠶᠠᠨ ᠬᠠᠯᠬᠠᠯᠠᠭ᠎ᠠ ᠦᠭᠡᠢ᠃
7 ᠡᠵᠡᠨ ᠶᠣᠬᠣᠸᠠ ᠨᠠᠳᠠ ᠳᠤ ᠲᠤᠰᠠᠯᠠᠨ᠎ᠠ᠂ ᠡᠢᠮᠦ ᠡᠴᠡ ᠪᠢ ᠭᠤᠲᠤᠮᠰᠢᠭ ᠪᠣᠯᠬᠤ ᠦᠭᠡᠢ ᠡᠢᠮᠦ ᠡᠴᠡ ᠪᠢ ᠨᠢᠭᠤᠷ ᠢᠶᠠᠨ ᠴᠠᠬᠢᠭᠤᠷ ᠮᠡᠲᠦ ᠪᠠᠢᠯᠭᠠᠨ᠎ᠠ ᠢᠴᠢᠭᠦᠷᠢ ᠳᠤ ᠣᠷᠣᠬᠤ ᠦᠭᠡᠢ ᠭᠡᠳᠡᠭ ᠢᠶᠡᠨ ᠪᠢ ᠮᠡᠳᠡᠨ᠎ᠡ᠃
8 ᠨᠠᠮᠠᠶᠢ ᠵᠥᠪᠲᠥᠭᠡᠭᠴᠢ ᠣᠢᠷᠠᠬᠠᠨ ᠪᠠᠢᠨ᠎ᠠ᠂ ᠬᠡᠨ ᠨᠠᠳᠠ ᠲᠠᠢ ᠲᠡᠮᠡᠴᠡᠯᠳᠦᠨᠡ ᠪᠤᠢ︖ ᠨᠢᠭᠤᠷ ᠨᠢᠭᠤᠷ ᠢᠶᠠᠷ ᠢᠶᠠᠨ ᠲᠤᠯᠤᠶ᠎ᠠ ᠬᠡᠨ ᠨᠠᠮᠠᠶᠢ ᠪᠤᠷᠤᠭᠤᠳᠬᠠᠨ᠎ᠠ ᠪᠤᠢ︖ ᠲᠡᠷᠡ ᠨᠠᠳᠠ ᠤᠷᠤᠭᠤ ᠳᠥᠭᠥᠨ ᠢᠷᠡᠭ᠃
9 ᠬᠠᠷ᠎ᠠ᠂ ᠡᠵᠡᠨ ᠶᠣᠬᠣᠸᠠ ᠨᠠᠳᠠ ᠳᠤ ᠲᠤᠰᠠᠯᠠᠨ᠎ᠠ᠂ ᠬᠡᠨ ᠨᠠᠮᠠᠶᠢ ᠶᠠᠯᠠᠯᠠᠨ᠎ᠠ ᠪᠤᠢ︖ ᠬᠠᠷ᠎ᠠ᠂ ᠲᠡᠳᠡ ᠪᠦᠭᠦᠳᠡ ᠬᠤᠪᠴᠠᠰᠤ ᠠᠳᠠᠯᠢ ᠡᠯᠡᠭᠳᠡᠨ᠂ ᠬᠣᠷᠣᠬᠠᠢ ᠳᠤ ᠢᠳᠡᠭᠳᠡᠨᠡ᠃
10 ᠲᠠ ᠨᠠᠷ ᠤᠨ ᠳᠤᠮᠳᠠ ᠶᠣᠬᠣᠸᠠ ᠠᠴᠠ ᠡᠮᠢᠶᠡᠭᠴᠢ ᠲᠡᠭᠦᠨ ᠦ ᠵᠠᠷᠤᠴᠠ ᠶᠢᠨ ᠦᠭᠡ ᠶᠢ ᠳᠠᠭᠠᠭᠴᠢ ᠨᠢ ᠬᠡᠨ ᠪᠤᠢ︖ ᠬᠠᠷᠠᠩ᠋ᠭᠤᠢ ᠳᠤ ᠭᠡᠷᠡᠯ ᠦᠭᠡᠢ ᠶᠠᠪᠤᠭᠴᠢ ᠡ ᠶᠣᠬᠣᠸᠠ ᠶᠢᠨ ᠨᠡᠷ᠎ᠡ ᠳᠦ ᠢᠲᠡᠭᠡ ᠥᠪᠡᠷ ᠦᠨ ᠢᠶᠠᠨ ᠪᠤᠷᠬᠠᠨ ᠢ ᠲᠦᠰᠢ᠃
11 ᠬᠠᠷᠢᠨ ᠥᠪᠡᠷᠰᠡᠳ ᠢᠶᠡᠨ ᠭᠠᠯ ᠨᠣᠴᠣᠭᠠᠭᠴᠢᠳ ᠭᠠᠯ ᠤᠨ ᠳᠥᠯᠥ ᠪᠡᠷ ᠥᠪᠡᠷᠰᠡᠳ ᠢ ᠪᠠᠨ ᠬᠦᠷᠢᠶᠡᠯᠡᠭᠴᠢ ᠪᠦᠭᠦᠳᠡ ᠡ ᠨᠣᠴᠣᠭᠠᠭᠰᠠᠨ ᠭᠠᠯ ᠤᠨ ᠢᠶᠠᠨ ᠳᠥᠯᠥ ᠶᠢᠨ ᠭᠡᠷᠡᠯ ᠢᠶᠡᠷ ᠠᠯᠬᠤᠭᠲᠤᠨ᠂ ᠭᠠᠷ ᠠᠴᠠ ᠮᠢᠨᠢ ᠠᠪᠬᠤ ᠵᠦᠢᠯ ᠴᠢᠨᠢ ᠭᠡᠪᠡᠯ ᠲᠠᠷᠴᠢᠯᠠᠯ ᠳᠤᠮᠳᠠ ᠬᠡᠪᠲᠡᠬᠦ ᠪᠢᠯᠡ᠃