ᠢᠰᠠᠢᠶ᠎ᠠ ᠶᠢᠰᠦ
ᠮᠧᠰᠢᠶ᠎ᠠ ᠶᠢᠨ ᠮᠡᠨᠳᠦᠯᠡᠯ ᠪᠠ ᠵᠠᠰᠠᠭᠯᠠᠯ
1 ᠬᠠᠷᠢᠨ ᠵᠣᠪᠠᠭᠰᠠᠳ ᠬᠠᠷᠠᠩ᠋ᠭᠤᠢ ᠳᠤ ᠪᠠᠢᠬᠤ ᠪᠠᠨ ᠪᠣᠯᠢᠨ᠎ᠠ᠃ ᠤᠷᠢᠳᠤ ᠴᠠᠭ ᠲᠤ ᠶᠣᠬᠣᠸᠠ ᠽᠧᠪᠦ᠋ᠯᠣᠨ ᠨᠤᠲᠤᠭ ᠪᠣᠯᠣᠨ ᠨᠠᠹᠲ᠋ᠠᠯᠢ ᠨᠤᠲᠤᠭ ᠢ ᠥᠴᠦᠬᠡᠨ ᠳᠦ ᠲᠣᠭᠠᠴᠠᠭᠰᠠᠨ ᠪᠣᠯ᠂ ᠬᠣᠵᠢᠮ ᠨᠢ ᠳᠠᠯᠠᠢ ᠶᠢᠨ ᠵᠠᠮ᠂ ᠶᠣᠷᠳᠠᠨ ᠤ ᠴᠢᠨᠠᠳᠤ ᠳᠠᠬᠢ ᠬᠠᠷᠢᠴᠤᠳ ᠤᠨ ᠨᠤᠲᠤᠭ ᠭᠠᠯᠢᠯᠠᠶ᠎ᠠ ᠶᠢ ᠠᠯᠳᠠᠷ ᠬᠦᠨᠳᠦ ᠲᠠᠢ ᠪᠣᠯᠭᠠᠨ᠎ᠠ᠃
2 ᠬᠠᠷᠠᠩ᠋ᠭᠤᠢ ᠳᠤ ᠠᠯᠬᠤᠭᠴᠢ ᠠᠷᠠᠳ ᠲᠦᠮᠡᠨ ᠦᠯᠡᠮᠵᠢ ᠶᠢᠨ ᠭᠡᠷᠡᠯ ᠢ ᠬᠠᠷᠠᠪᠠ ᠦᠬᠦᠯ ᠦᠨ ᠰᠡᠭᠦᠳᠡᠷᠲᠦ ᠨᠤᠲᠤᠭ ᠲᠤ ᠰᠠᠭᠤᠭᠰᠠᠳ ᠳᠡᠭᠡᠷ᠎ᠡ ᠭᠡᠷᠡᠯ ᠲᠤᠰᠪᠠ᠂
3 ᠲᠠ ᠡᠨᠡ ᠦᠨᠳᠦᠰᠦᠲᠡᠨ ᠢ ᠣᠯᠠᠰᠢᠷᠠᠭᠤᠯᠤᠨ ᠪᠠᠶᠠᠷ ᠬᠥᠷ ᠢ ᠨᠢ ᠪᠠᠳᠠᠷᠠᠭᠠᠵᠠᠢ ᠲᠡᠳᠡ ᠤᠷᠭᠤᠴᠠ ᠬᠤᠷᠢᠶᠠᠵᠤ ᠪᠠᠢᠭ᠎ᠠ ᠮᠡᠲᠦ᠂ ᠣᠯᠵᠠ ᠬᠤᠪᠢᠶᠠᠵᠤ ᠪᠠᠢᠭ᠎ᠠ ᠮᠡᠲᠦ ᠣᠷᠣᠰᠢᠬᠤᠢ ᠶᠢᠨ ᠲᠠᠨᠢ ᠡᠮᠦᠨ᠎ᠡ ᠪᠠᠶᠠᠷᠯᠠᠳᠠᠭ᠃
4 ᠤᠴᠢᠷ ᠨᠢ ᠲᠠ ᠮᠢᠳᠢᠶᠠᠨ ᠢ ᠴᠣᠬᠢᠭᠰᠠᠨ ᠡᠳᠦᠷ ᠦᠨ ᠬᠢ ᠮᠡᠲᠦ ᠲᠡᠳᠡᠨ ᠢ ᠳᠠᠷᠤᠮᠲᠠᠯᠠᠳᠠᠭ ᠪᠤᠭᠤᠯᠠᠭ᠎ᠠ ᠶᠢ ᠲᠡᠳᠡᠨ ᠦ ᠮᠥᠷᠥᠨ ᠳᠡᠭᠡᠷᠡᠬᠢ ᠳᠥᠩᠭᠡ ᠶᠢ ᠲᠡᠳᠡᠨ ᠢ ᠳᠠᠷᠤᠩ᠋ᠭᠤᠢᠯᠠᠭᠴᠢ ᠶᠢᠨ ᠲᠠᠰᠢᠭᠤᠷ ᠢ ᠬᠤᠭᠤᠯᠤᠭᠰᠠᠨ ᠠᠵᠢ᠃
5 ᠴᠡᠷᠢᠭ ᠬᠥᠮᠦᠨ ᠦ ᠲᠤᠯᠤᠯᠳᠤᠭᠠᠨ ᠳᠤ ᠡᠮᠦᠰᠦᠭᠰᠡᠨ ᠭᠤᠲᠤᠯ ᠪᠣᠯᠭᠠᠨ ᠴᠢᠰᠤ ᠪᠢᠯᠳᠠᠭᠰᠠᠨ ᠬᠤᠪᠴᠠᠰᠤ ᠪᠣᠯᠭᠠᠨ ᠲᠦᠯᠡᠰᠢ ᠪᠣᠯᠵᠤ ᠭᠠᠯ ᠳᠤ ᠰᠢᠲᠠᠭᠠᠭᠳᠠᠨ᠎ᠠ᠂
6 ᠤᠴᠢᠷ ᠨᠢ ᠪᠢᠳᠡᠨ ᠦ ᠲᠥᠯᠥᠭᠡ ᠬᠡᠦᠬᠡᠳ ᠮᠡᠨᠳᠦᠯᠡᠪᠡ ᠪᠢᠳᠡᠨ ᠳᠦ ᠬᠦᠦ ᠰᠣᠶᠣᠷᠬᠠᠭᠳᠠᠭᠰᠠᠨ ᠠᠵᠢ ᠲᠡᠭᠦᠨ ᠦ ᠮᠥᠷᠥᠨ ᠳᠡᠭᠡᠷ᠎ᠡ ᠵᠠᠰᠠᠭᠯᠠᠯ ᠪᠠᠢᠨ᠎ᠠ ᠲᠡᠭᠦᠨ ᠦ ᠨᠡᠷ᠎ᠡ ᠶᠢ ᠭᠠᠢᠬᠠᠮᠰᠢᠭ᠂ ᠵᠥᠪᠯᠡᠭᠴᠢ᠂ ᠬᠦᠴᠦᠲᠦ ᠪᠤᠷᠬᠠᠨ᠂ ᠮᠥᠩᠬᠡ ᠶᠢᠨ ᠡᠴᠢᠭᠡ᠂ ᠡᠩᠬᠡ ᠶᠢᠨ ᠬᠠᠭᠠᠨ ᠭᠡᠬᠦ ᠪᠣᠯᠣᠨ᠎ᠠ᠃
7 ᠲᠡᠭᠦᠨ ᠦ ᠵᠠᠰᠠᠭᠯᠠᠯ ᠪᠠ ᠡᠩᠬᠡ ᠲᠠᠢᠪᠤᠩ ᠡᠴᠦᠰ ᠦᠭᠡᠢ ᠳᠡᠯᠡᠨ᠎ᠡ ᠲᠡᠷᠡ ᠪᠡᠷ ᠳ᠋ᠠᠸᠢᠳ᠋ ᠤᠨ ᠰᠡᠨᠲᠢ ᠳᠡᠭᠡᠷ᠎ᠡ ᠬᠠᠭᠠᠨᠴᠢᠯᠠᠯ ᠤᠨ ᠢᠶᠠᠨ ᠳᠡᠭᠡᠷ᠎ᠡ ᠵᠠᠯᠠᠷᠠᠵᠤ ᠲᠡᠭᠦᠨ ᠢ ᠪᠠᠲᠤᠵᠢᠭᠤᠯᠤᠨ ᠣᠳᠣ ᠠᠴᠠ ᠮᠥᠩᠬᠡᠳᠡ ᠵᠥᠪ ᠰᠢᠳᠤᠷᠭᠤ ᠪᠠᠷ ᠬᠠᠮᠠᠭᠠᠯᠠᠨ᠎ᠠ ᠠᠤᠭ᠎ᠠ ᠬᠦᠴᠦᠲᠦ ᠶᠣᠬᠣᠸᠠ ᠶᠢᠨ ᠬᠠᠯᠠᠭᠤᠨ ᠰᠡᠳᠬᠢᠯ ᠡᠭᠦᠨ ᠢ ᠪᠡᠶᠡᠯᠡᠭᠦᠯᠦᠨ᠎ᠡ᠃
ᠤᠮᠠᠷᠠᠲᠤ ᠢᠰᠷᠧᠯ ᠳᠤ ᠪᠠᠭᠤᠬᠤ ᠰᠢᠳᠬᠡᠯ
8 ᠡᠵᠡᠨ ᠶᠠᠺᠣᠪ ᠲᠤ ᠦᠭᠡ ᠢᠯᠡᠭᠡᠪᠡ ᠲᠡᠷᠡ ᠦᠭᠡ ᠢᠰᠷᠧᠯ ᠳᠤ ᠪᠠᠭᠤᠵᠤ
9 ᠡᠹᠷᠠᠢᠮ ᠪᠣᠯᠣᠨ ᠰᠠᠮᠠᠷᠢᠶ᠎ᠠ ᠶᠢᠨ ᠰᠠᠭᠤᠭᠠᠯᠢᠴᠢᠳ ᠪᠦᠭᠦᠳᠡ ᠡᠭᠦᠨ ᠢ ᠮᠡᠳᠡᠬᠦ ᠪᠣᠯᠣᠨ᠎ᠠ᠂ ᠬᠠᠷᠢᠨ ᠲᠡᠳᠡ ᠪᠠᠷᠳᠠᠮ ᠳᠡᠭᠡᠷᠡᠩᠭᠦᠢ ᠵᠠᠩ ᠢᠶᠠᠷ᠄
10 《ᠲᠣᠭᠣᠰᠬ᠎ᠠ ᠰᠦᠢᠷᠡᠪᠡᠯ ᠵᠠᠰᠠᠭᠰᠠᠨ ᠴᠢᠯᠠᠭᠤ ᠪᠠᠷ ᠰᠡᠷᠭᠦᠭᠡᠶ᠎ᠡ ᠢᠯᠠᠮ᠎ᠠ ᠶᠢᠨ ᠮᠣᠳᠣ ᠣᠭᠲᠣᠯᠣᠭᠳᠠᠪᠠᠯ ᠢᠨᠵᠢᠷ ᠤᠨ ᠮᠣᠳᠣ ᠪᠠᠷ ᠣᠷᠣᠯᠠᠭᠤᠯᠤᠶᠠ》 ᠭᠡᠯᠴᠡᠨ᠎ᠡ᠃
11 ᠡᠢᠮᠦ ᠡᠴᠡ ᠶᠣᠬᠣᠸᠠ ᠲᠡᠳᠡᠨ ᠦ ᠥᠰᠲᠡᠨ ᠢ ᠥᠳᠥᠭᠡᠵᠦ ᠲᠡᠳᠡᠨ ᠦ ᠳᠡᠭᠡᠭᠦᠷ ᠷᠧᠽᠢᠨ ᠤ ᠳᠠᠢᠰᠤᠨ ᠢ ᠡᠷᠭᠦᠮᠵᠢᠯᠡᠪᠡ᠂
12 ᠳᠣᠷᠣᠨ᠎ᠠ ᠵᠦᠭ ᠡᠴᠡ ᠠᠷᠠᠮᠴᠤᠳ ᠪᠠᠷᠠᠭᠤᠨ ᠵᠦᠭ ᠡᠴᠡ ᠹᠢᠯᠢᠰᠲ᠋ᠴᠦᠳ ᠢ ᠶᠠᠪᠤᠭᠤᠯᠪᠠ ᠲᠡᠳᠡ ᠠᠮᠠ ᠪᠠᠨ ᠠᠩ᠋ᠭᠠᠢᠯᠭᠠᠨ ᠢᠰᠷᠧᠯ ᠢ ᠵᠠᠯᠭᠢᠪᠠ ᠡᠨᠡ ᠪᠦᠬᠦᠨ ᠢᠶᠡᠷ ᠴᠤ ᠶᠣᠬᠣᠸᠠ ᠶᠢᠨ ᠠᠭᠤᠷ ᠨᠠᠮᠳᠠᠭ᠎ᠠ ᠦᠭᠡᠢ ᠨᠢᠳᠤᠷᠭ᠎ᠠ ᠨᠢ ᠳᠠᠯᠠᠢᠭᠰᠠᠨ ᠬᠡᠪ ᠢᠶᠡᠷ ᠢᠶᠠᠨ ᠪᠠᠢᠨ᠎ᠠ᠃
13 ᠬᠠᠷᠢᠨ ᠡᠨᠡ ᠠᠷᠠᠳ ᠲᠦᠮᠡᠨ ᠥᠪᠡᠷᠰᠡᠳ ᠢ ᠨᠢ ᠴᠣᠬᠢᠭᠰᠠᠨ ᠡᠵᠡᠨ ᠤᠷᠤᠭᠤ ᠡᠷᠭᠢᠳᠡᠭ ᠦᠭᠡᠢ ᠠᠤᠭ᠎ᠠ ᠬᠦᠴᠦᠲᠦ ᠶᠣᠬᠣᠸᠠ ᠶᠢ ᠡᠷᠢᠳᠡᠭ ᠦᠭᠡᠢ᠂
14 ᠡᠢᠮᠦ ᠡᠴᠡ ᠶᠣᠬᠣᠸᠠ ᠢᠰᠷᠧᠯ ᠤᠨ ᠲᠣᠯᠣᠭᠠᠢ ᠪᠠ ᠰᠡᠭᠦᠯ ᠢ ᠳᠠᠯᠳᠠᠤ ᠮᠣᠳᠣᠨ ᠤ ᠮᠥᠴᠢᠷ ᠢ ᠨᠢ ᠴᠤ᠂ ᠵᠡᠭᠡᠰᠦ ᠶᠢ ᠨᠢ ᠴᠤ ᠭᠠᠭᠴᠠᠬᠠᠨ ᠡᠳᠦᠷ ᠲᠦ ᠲᠠᠰᠤ ᠴᠠᠪᠴᠢᠨ᠎ᠠ᠂
15 ᠲᠣᠯᠣᠭᠠᠢ ᠨᠢ ᠠᠬᠠᠮᠠᠳ ᠬᠢᠭᠡᠳ ᠬᠦᠨᠳᠦᠲᠡᠢ ᠬᠥᠮᠦᠰ ᠰᠡᠭᠦᠯ ᠨᠢ ᠬᠤᠳᠠᠯ ᠨᠣᠮᠯᠠᠵᠤ ᠪᠠᠢᠭ᠎ᠠ ᠡᠰᠢ ᠦᠵᠡᠭᠦᠯᠦᠭᠴᠢᠳ ᠶᠤᠮ
16 ᠠᠷᠠᠳ ᠲᠦᠮᠡᠨ ᠦ ᠤᠳᠤᠷᠢᠳᠤᠭᠴᠢ ᠨᠢ ᠲᠥᠭᠡᠷᠢᠭᠦᠯᠵᠦ ᠤᠳᠤᠷᠢᠳᠤᠭᠤᠯᠤᠭᠴᠢᠳ ᠨᠢ ᠵᠠᠯᠭᠢᠭᠤᠯᠵᠤ ᠪᠠᠢᠨ᠎ᠠ᠃
17 ᠲᠡᠳᠡ ᠪᠦᠭᠦᠳᠡ ᠰᠦᠰᠦᠭ ᠦᠭᠡᠢ᠂ ᠮᠠᠭᠤ ᠶᠢ ᠦᠢᠯᠡᠳᠦᠭᠴᠢ ᠠᠮᠠ ᠨᠢ ᠮᠤᠩ᠋ᠬᠠᠭ ᠢ ᠶᠠᠷᠢᠳᠠᠭ ᠤᠴᠢᠷ ᠡᠵᠡᠨ ᠢᠳᠡᠷ ᠵᠠᠯᠠᠭᠤᠰ ᠢ ᠨᠢ ᠲᠠᠭᠠᠯᠠᠬᠤ ᠦᠭᠡᠢ ᠥᠨᠥᠴᠢᠨ᠂ ᠪᠡᠯᠪᠡᠰᠦᠨ ᠢ ᠨᠢ ᠴᠤ ᠥᠷᠥ ᠡᠪᠡᠳᠬᠦ ᠦᠭᠡᠢ ᠡᠨᠡ ᠪᠦᠬᠦᠨ ᠢᠶᠡᠷ ᠴᠤ ᠶᠣᠬᠣᠸᠠ ᠶᠢᠨ ᠠᠭᠤᠷ ᠨᠠᠮᠳᠠᠭ᠎ᠠ ᠦᠭᠡᠢ ᠨᠢᠳᠤᠷᠭ᠎ᠠ ᠨᠢ ᠳᠠᠯᠠᠢᠭᠰᠠᠨ ᠬᠡᠪ ᠢᠶᠡᠷ ᠢᠶᠠᠨ ᠪᠠᠢᠨ᠎ᠠ᠃
18 ᠬᠣᠷᠣᠨ ᠮᠠᠭᠤ ᠨᠢ ᠭᠠᠯ ᠮᠡᠲᠦ ᠰᠢᠲᠠᠵᠤ ᠦᠭᠦᠷᠭᠡᠨ᠎ᠡ ᠪᠣᠯᠣᠨ ᠥᠷᠭᠡᠰᠦᠲᠦ ᠪᠤᠲᠠ ᠶᠢ ᠲᠦᠢᠮᠡᠷᠳᠡᠳᠡᠭ᠌ ᠣᠢ ᠶᠢᠨ ᠰᠢᠷᠢᠩᠭᠢ ᠶᠢ ᠬᠦᠷᠲᠡᠯ᠎ᠡ ᠨᠣᠴᠣᠭᠠᠵᠤ ᠤᠲᠤᠭᠠᠨ ᠪᠠᠭᠠᠨ᠎ᠠ ᠮᠡᠲᠦ ᠳᠡᠭᠡᠭᠰᠢᠯᠡᠳᠡᠭ᠌᠃
19 ᠠᠤᠭ᠎ᠠ ᠬᠦᠴᠦᠲᠦ ᠶᠣᠬᠣᠸᠠ ᠶᠢᠨ ᠠᠭᠤᠷ ᠠᠴᠠ ᠪᠣᠯᠵᠤ ᠡᠨᠡ ᠨᠤᠲᠤᠭ ᠰᠢᠲᠠᠭᠠᠭᠳᠠᠵᠤ ᠠᠷᠠᠳ ᠲᠦᠮᠡᠨ ᠭᠠᠯ ᠤᠨ ᠲᠦᠯᠡᠭᠡ ᠮᠡᠲᠦ ᠪᠣᠯᠣᠨ᠎ᠠ ᠬᠥᠮᠦᠨ ᠠᠬ᠎ᠠ ᠳᠡᠭᠦᠦ ᠪᠡᠨ ᠴᠤ ᠥᠷᠥ ᠡᠪᠡᠳᠬᠦ ᠦᠭᠡᠢ
20 ᠪᠠᠷᠠᠭᠤᠨ ᠲᠠᠯ᠎ᠠ ᠳᠤ ᠪᠠᠢᠭ᠎ᠠ ᠪᠠᠨ ᠵᠠᠳᠠᠯᠤᠭᠰᠠᠨ ᠴᠤ ᠥᠯᠥᠰᠥᠭᠰᠡᠨ ᠬᠡᠪ ᠢᠶᠡᠷ ᠢᠶᠠᠨ ᠵᠡᠭᠦᠨ ᠲᠠᠯ᠎ᠠ ᠳᠤ ᠪᠠᠢᠭ᠎ᠠ ᠪᠠᠨ ᠵᠠᠯᠭᠢᠭᠰᠠᠨ ᠴᠤ ᠡᠰᠡ ᠴᠠᠳᠤᠨ᠎ᠠ ᠬᠥᠮᠦᠨ ᠪᠦᠷᠢ ᠬᠠᠷᠢᠳᠤᠨ ᠤ ᠪᠠᠨ ᠮᠢᠬ᠎ᠠ ᠶᠢ ᠢᠳᠡᠨ᠎ᠡ᠃
21 ᠮᠠᠨᠠᠰᠧ ᠡᠹᠷᠠᠢᠮ ᠢ ᠡᠹᠷᠠᠢᠮ ᠮᠠᠨᠠᠰᠧ ᠶᠢ ᠢᠳᠡᠨ ᠲᠡᠳᠡ ᠬᠠᠮᠲᠤᠷᠠᠵᠤ ᠶᠦᠳᠠ ᠶᠢ ᠡᠰᠡᠷᠭᠦᠴᠡᠨ᠎ᠡ ᠡᠨᠡ ᠪᠦᠬᠦᠨ ᠢᠶᠡᠷ ᠴᠤ ᠶᠣᠬᠣᠸᠠ ᠶᠢᠨ ᠠᠭᠤᠷ ᠨᠠᠮᠳᠠᠭ᠎ᠠ ᠦᠭᠡᠢ ᠨᠢᠳᠤᠷᠭ᠎ᠠ ᠨᠢ ᠳᠠᠯᠠᠢᠭᠰᠠᠨ ᠬᠡᠪ ᠢᠶᠡᠷ ᠢᠶᠠᠨ ᠪᠠᠢᠨ᠎ᠠ᠃