1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠣᠯᠣᠭ᠎ᠠ
 ᠢᠮᠠᠨᠦ᠋ᠶᠧᠯ ᠤᠨ ᠲᠡᠮᠳᠡᠭ

1 ᠶᠦᠳᠠ ᠶᠢᠨ ᠬᠠᠭᠠᠨ᠂ ᠦᠽᠢᠶ᠎ᠠ ᠶᠢᠨ ᠠᠴᠢ᠂ ᠶᠣᠲ᠋ᠠᠮ ᠤᠨ ᠬᠦᠦ ᠠᠬᠠᠽ ᠤᠨ ᠦᠶ᠎ᠡ ᠳᠦ᠂ ᠠᠷᠠᠮ ᠤᠨ ᠬᠠᠭᠠᠨ ᠷᠧᠽᠢᠨ ᠪᠣᠯᠣᠨ ᠢᠰᠷᠧᠯ ᠤᠨ ᠬᠠᠭᠠᠨ ᠷᠧᠮᠠᠯᠢᠶ᠎ᠠ ᠶᠢᠨ ᠬᠦᠦ ᠫᠧᠺᠠ ᠨᠠᠷ ᠶᠧᠷᠦ᠋ᠰᠠᠯᠧᠮ ᠢ ᠳᠠᠢᠯᠠᠬᠤ ᠪᠠᠷ ᠭᠠᠷᠴᠤ ᠢᠷᠡᠭᠰᠡᠨ ᠪᠣᠯᠪᠠᠴᠤ ᠳᠡᠢᠯᠦᠭᠰᠡᠨ ᠦᠭᠡᠢ᠃ 2 ᠳ᠋ᠠᠸᠢᠳ᠋ ᠤᠨ ᠭᠡᠷ ᠦᠨ ᠬᠢᠨ ᠳᠤ 《ᠠᠷᠠᠮᠴᠤᠳ ᠡᠹᠷᠠᠢᠮ ᠳᠤ ᠬᠤᠸᠠᠷᠠᠩᠨᠠᠯ᠎ᠠ》 ᠭᠡᠰᠡᠨ ᠮᠡᠳᠡᠭᠡ ᠬᠦᠷᠬᠦ ᠳᠦ᠂ ᠠᠬᠠᠽ ᠪᠣᠯᠣᠨ ᠠᠷᠠᠳ ᠲᠦᠮᠡᠨ ᠦ ᠬᠢᠨᠢ ᠰᠡᠳᠬᠢᠯ ᠰᠠᠯᠬᠢᠨ ᠳᠤ ᠨᠠᠢᠭᠤᠬᠤ ᠣᠢ ᠶᠢᠨ ᠮᠣᠳᠣ ᠰᠢᠭ᠋ ᠨᠠᠢᠭᠤᠵᠠᠢ᠃

3 ᠶᠣᠬᠣᠸᠠ ᠢᠰᠠᠢᠶ᠎ᠠ ᠳᠤ ᠠᠢᠯᠠᠳᠤᠨ᠄ 《ᠴᠢ ᠬᠦᠦ ᠱᠧᠶᠠᠷ ᠶᠠᠱᠦ᠋ᠪ ᠤᠨ ᠢᠶᠠᠨ ᠬᠠᠮᠲᠤ ᠡ᠊ᠨᠳᠡ ᠡᠴᠡ ᠭᠠᠷᠴᠤ ᠠᠬᠠᠽ ᠲᠠᠢ ᠠᠭᠤᠯᠵᠠ᠂ ᠲᠡᠷᠡ ᠳᠡᠭᠡᠳᠦ ᠴᠥᠭᠥᠷᠥᠮ ᠦᠨ ᠤᠰᠤᠨ ᠬᠣᠭᠣᠯᠠᠢ ᠶᠢᠨ ᠠᠳᠠᠭ ᠲᠤ ᠤᠬᠢᠶᠠᠯᠭ᠎ᠠ ᠶᠢᠨ ᠭᠠᠵᠠᠷ ᠤᠷᠤᠭᠤ ᠶᠠᠪᠤᠬᠤ ᠵᠠᠮ ᠳᠡᠭᠡᠷ᠎ᠡ ᠪᠠᠢᠨ᠎ᠠ᠂ 4 ᠲᠡᠭᠦᠨ ᠳᠦ ᠡᠢᠨ ᠬᠦ ᠶᠠᠷᠢ᠄ 〈ᠰᠡᠷᠡᠮᠵᠢᠲᠡᠢ ᠪᠠᠢ᠂ ᠨᠠᠮᠵᠢᠭᠤᠨ ᠪᠠᠢ᠂ ᠪᠦᠦ ᠠᠶᠤ᠂ ᠠᠷᠠᠮ ᠤᠨ ᠬᠠᠭᠠᠨ ᠷᠧᠽᠢᠨ᠂ ᠷᠧᠮᠠᠯᠢᠶ᠎ᠠ ᠶᠢᠨ ᠬᠦᠦ ᠳᠣᠭᠰᠢᠨ ᠠᠭᠤᠷ ᠲᠠᠢ ᠪᠠᠢᠯ᠎ᠠ ᠴᠤ ᠤᠭᠤᠭᠢᠵᠤ ᠪᠤᠢ ᠬᠣᠵᠤᠤᠯ᠎ᠠ ᠲᠡᠳᠦᠢ ᠶᠤᠮ᠂ ᠲᠡᠳᠡ ᠨᠠᠷ ᠠᠴᠠ ᠪᠣᠯᠵᠤ ᠪᠦᠦ ᠰᠠᠨᠠᠭ᠎ᠠ ᠵᠣᠪᠠ᠃ 5 ᠠᠷᠠᠮ᠂ ᠡᠹᠷᠠᠢᠮ ᠪᠣᠯᠣᠨ ᠷᠧᠮᠠᠯᠢᠶ᠎ᠠ ᠶᠢᠨ ᠬᠦᠦ ᠴᠢᠨᠦ ᠡᠰᠡᠷᠭᠦ ᠬᠤᠤᠪᠢᠯᠳᠤᠨ᠄ 6 〈ᠶᠦᠳᠠ ᠶᠢ ᠳᠣᠪᠲᠣᠯᠵᠤ᠂ ᠲᠡᠳᠡᠨ ᠢ ᠠᠶᠤᠯᠭᠠᠭᠠᠳ ᠡᠵᠡᠯᠡᠵᠡᠭᠡᠶ᠎ᠡ᠂ ᠲᠠᠪᠧᠯ ᠤᠨ ᠬᠦᠦ ᠶᠢ ᠲᠡᠨᠳᠡ ᠬᠠᠭᠠᠨ ᠪᠣᠯᠭᠠᠶ᠎ᠠ〉 ᠭᠡᠵᠡᠭᠡᠭᠰᠡᠨ ᠪᠣᠯᠪᠠᠴᠤ 7 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠡᠷᠡ ᠨᠢ ᠪᠦᠲᠦᠬᠦ ᠦᠭᠡᠢ᠂ ᠪᠡᠶᠡᠯᠡᠬᠦ ᠦᠭᠡᠢ 8 ᠳ᠋ᠠᠮᠠᠰᠺᠦ᠋ᠰ ᠨᠢ ᠵᠥᠪᠬᠡᠨ ᠠᠷᠠᠮ ᠤᠨ ᠲᠥᠪ ᠷᠧᠽᠢᠨ ᠨᠢ ᠵᠥᠪᠬᠡᠨ ᠳ᠋ᠠᠮᠠᠰᠺᠦ᠋ᠰ ᠤᠨ ᠲᠡᠷᠢᠭᠦᠨ ᠪᠠᠢᠬᠤ ᠪᠣᠯᠣᠨ᠎ᠠ᠂ ᠡᠹᠷᠠᠢᠮ ᠵᠢᠷᠠᠨ ᠲᠠᠪᠤᠨ ᠵᠢᠯ ᠤᠨ ᠳᠣᠲᠣᠷ᠎ᠠ ᠪᠤᠲᠠᠷᠠᠵᠤ᠂ ᠠᠷᠠᠳ ᠲᠦᠮᠡᠨ ᠭᠡᠭᠳᠡᠬᠦ ᠪᠡᠨ ᠪᠣᠯᠢᠨ᠎ᠠ᠂ 9 ᠲᠡᠷᠡ ᠴᠠᠭ ᠪᠣᠯᠲᠠᠯ᠎ᠠ ᠰᠠᠮᠠᠷᠢᠶ᠎ᠠ ᠨᠢ ᠵᠥᠪᠬᠡᠨ ᠡᠹᠷᠠᠢᠮ ᠤᠨ ᠲᠥᠪ᠂ ᠷᠧᠮᠠᠯᠢᠶ᠎ᠠ ᠶᠢᠨ ᠬᠦᠦ ᠵᠥᠪᠬᠡᠨ ᠰᠠᠮᠠᠷᠢᠶ᠎ᠠ ᠶᠢᠨ ᠲᠡᠷᠢᠭᠦᠨ ᠪᠠᠢᠬᠤ ᠪᠣᠯᠣᠨ᠎ᠠ᠂ ᠬᠠᠷᠢᠨ ᠲᠠ ᠨᠠᠷ ᠪᠠᠲᠤ ᠢᠲᠡᠭᠡᠯ ᠦᠭᠡᠢ ᠪᠣᠯ ᠪᠠᠲᠤᠵᠢᠬᠤ ᠦᠭᠡᠢ〉 ᠭᠡᠵᠦ ᠬᠡᠯᠡ》 ᠭᠡᠪᠡ᠃

10 ᠶᠣᠬᠣᠸᠠ ᠳᠠᠬᠢᠨ ᠠᠬᠠᠽ ᠲᠤ ᠠᠢᠯᠠᠳᠤᠨ᠄ 11 《ᠡᠵᠡᠨ ᠶᠣᠬᠣᠸᠠ ᠠᠴᠠ ᠲᠡᠮᠳᠡᠭ ᠭᠤᠶᠤᠭᠲᠤᠨ᠂ ᠦᠬᠦᠭᠰᠡᠳ ᠦᠨ ᠣᠷᠣᠨ ᠰᠢᠭ᠋ ᠭᠦᠨ᠂ ᠲᠩᠷᠢ ᠰᠢᠭ ᠥᠨᠳᠥᠷ ᠲᠡᠮᠳᠡᠭ ᠴᠤ ᠪᠣᠯᠣᠨ᠎ᠠ》 ᠭᠡᠬᠦ ᠳᠦ᠂ 12 ᠠᠬᠠᠽ᠄ 《ᠭᠤᠶᠤᠬᠤ ᠦᠭᠡᠢ᠂ ᠪᠢ ᠶᠣᠬᠣᠸᠠ ᠶᠢ ᠰᠣᠷᠢᠬᠤ ᠦᠭᠡᠢ》 ᠭᠡᠵᠡᠢ᠃ 13 ᠢᠰᠠᠢᠶ᠎ᠠ᠄ 《ᠰᠣᠨᠣᠰᠣᠭᠲᠤᠨ᠂ ᠳ᠋ᠠᠸᠢᠳ᠋ ᠤᠨ ᠭᠡᠷ ᠡ︕ ᠲᠠ ᠨᠠᠷ ᠬᠥᠮᠦᠨ ᠢ ᠴᠢᠬᠤᠯᠳᠠᠭᠤᠯᠬᠤ ᠴᠢᠨᠢ ᠪᠠᠭᠠᠳᠠᠭᠠᠳ ᠪᠤᠷᠬᠠᠨ ᠢ ᠮᠢᠨᠢ ᠴᠢᠬᠤᠯᠳᠠᠭᠤᠯᠬᠤ ᠭᠡᠵᠦ ᠪᠠᠢᠨ᠎ᠠ ᠤᠤ︖ 14 ᠲᠡᠢᠮᠦ ᠡᠴᠡ ᠡᠵᠡᠨ ᠥᠪᠡᠷ ᠢᠶᠡᠨ ᠲᠠ ᠨᠠᠷ ᠲᠤ ᠨᠢᠭᠡᠨ ᠲᠡᠮᠳᠡᠭ ᠥᠭᠭᠥᠨ᠎ᠡ᠃ ᠠᠩ᠋ᠬᠠᠷᠤᠭᠲᠤᠨ᠂ ᠣᠩ᠋ᠭᠣᠨ ᠪᠦᠰᠡᠭᠦᠢ ᠵᠢᠷᠮᠦᠰᠦᠯᠡᠵᠦ᠂ ᠬᠦᠦ ᠲᠥᠷᠥᠭᠦᠯᠦᠨ᠂ ᠲᠡᠭᠦᠨ ᠢ ᠪᠠᠨ 〈ᠢᠮᠠᠨᠦ᠋ᠶᠧᠯ 5 〉 ᠭᠡᠵᠦ ᠨᠡᠷᠡᠯᠡᠨ᠎ᠡ᠃ 15 ᠲᠡᠷᠡ ᠬᠦᠦ ᠮᠠᠭᠤ ᠶᠢ ᠬᠠᠶᠠᠵᠤ᠂ ᠰᠠᠢᠨ ᠢ ᠠᠪᠬᠤ ᠶᠢ ᠮᠡᠳᠡᠬᠦ ᠨᠠᠰᠤᠨ ᠳᠤ ᠬᠦᠷᠪᠡᠯ ᠡᠭᠡᠳᠡᠮ ᠪᠤᠶᠤ ᠪᠠᠯ ᠢᠳᠡᠬᠦ ᠪᠣᠯᠣᠨ᠎ᠠ᠃ 16 ᠭᠡᠪᠡᠴᠦ ᠡᠨᠡ ᠬᠦᠦ ᠮᠠᠭᠤ ᠶᠢ ᠬᠠᠶᠠᠵᠤ᠂ ᠰᠠᠢᠨ ᠢ ᠠᠪᠬᠤ ᠶᠢ ᠮᠡᠳᠡᠬᠦ ᠡᠴᠡ ᠴᠤ ᠡᠮᠦᠨ᠎ᠡ ᠴᠢᠨᠦ ᠠᠶᠤᠳᠠᠭ ᠬᠣᠶᠠᠷ ᠬᠠᠭᠠᠨ ᠤ ᠨᠤᠲᠤᠭ ᠰᠦᠢᠷᠡᠬᠦ ᠪᠣᠯᠣᠨ᠎ᠠ᠃ 17 ᠬᠠᠷᠢᠨ ᠶᠣᠬᠣᠸᠠ ᠠᠰᠢᠷᠢᠶ᠎ᠠ ᠶᠢᠨ ᠬᠠᠭᠠᠨ ᠢ ᠲᠠᠨ ᠤ ᠳᠡᠭᠡᠷ᠎ᠡ᠂ ᠲᠠᠨ ᠤ ᠠᠷᠠᠳ ᠲᠦᠮᠡᠨ ᠳᠡᠭᠡᠷ᠎ᠡ᠂ ᠲᠠᠨ ᠤ ᠡᠴᠢᠭᠡ ᠶᠢᠨ ᠭᠡᠷ ᠳᠡᠭᠡᠷ᠎ᠡ ᠠᠪᠴᠢᠷᠠᠬᠤ ᠡᠳᠦᠷ ᠤᠳ ᠢᠷᠡᠵᠦ ᠪᠠᠢᠨ᠎ᠠ᠂ ᠡᠹᠷᠠᠢᠮ ᠶᠦᠳᠠ ᠠᠴᠠ ᠰᠠᠯᠤᠭᠰᠠᠨ ᠠᠴᠠ ᠬᠣᠢᠰᠢ ᠲᠡᠢᠮᠦ ᠡᠳᠦᠷ ᠤᠳ ᠲᠡᠭᠦᠨ ᠳᠦ ᠲᠣᠬᠢᠶᠠᠯᠳᠤᠵᠤ ᠪᠠᠢᠭ᠎ᠠ ᠦᠭᠡᠢ》 ᠭᠡᠪᠡ᠃

18 《ᠲᠡᠷᠡ ᠡᠳᠦᠷ ᠶᠣᠬᠣᠸᠠ ᠶᠧᠵᠢᠫᠲ ᠤᠨ ᠮᠥᠷᠡᠨ ᠦ ᠬᠢᠵᠠᠭᠠᠷ ᠠᠴᠠ ᠢᠯᠠᠭ᠎ᠠ ᠶᠢ᠂ ᠠᠰᠢᠷᠢᠶ᠎ᠠ ᠶᠢᠨ ᠨᠤᠲᠤᠭ ᠠᠴᠠ ᠵᠥᠭᠡᠢ ᠶᠢ ᠢᠰᠭᠡᠷᠦᠨ ᠳᠠᠭᠤᠳᠠᠬᠤ ᠳᠤ᠂ 19 ᠲᠡᠳᠡ ᠪᠦᠭᠦᠳᠡᠭᠡᠷ ᠢᠶᠡᠨ ᠢᠷᠡᠵᠡᠭᠡᠵᠦ᠂ ᠡᠭᠴᠡ ᠵᠢᠯᠠᠭ᠎ᠠ᠂ ᠬᠠᠳᠠᠨ ᠬᠠᠪᠴᠢᠯ᠂ ᠪᠦᠬᠦ ᠪᠡᠯᠴᠢᠭᠡᠷ ᠪᠣᠯᠣᠨ ᠪᠦᠬᠦ ᠥᠷᠭᠡᠰᠦᠨ ᠳᠡᠭᠡᠷ᠎ᠡ ᠰᠠᠭᠤᠨ᠎ᠠ᠃ 20 ᠲᠡᠷᠡ ᠡᠳᠦᠷ ᠡᠵᠡᠨ ᠡᠶᠦ᠋ᠹᠷᠠᠲ᠋ᠧᠰ ᠤᠨ ᠴᠠᠭᠠᠨ᠎ᠠ ᠠᠴᠠ ᠬᠥᠯᠥᠰᠥᠯᠡᠵᠦ ᠠᠪᠤᠭᠰᠠᠨ ᠲᠣᠩ᠋ᠭᠣᠷᠠᠭ ᠪᠣᠯᠬᠤ ᠠᠰᠢᠷᠢᠶ᠎ᠠ ᠶᠢᠨ ᠬᠠᠭᠠᠨ ᠢᠶᠠᠷ ᠲᠡᠳᠡᠨ ᠦ ᠲᠣᠯᠣᠭᠠᠢ ᠪᠣᠯᠣᠨ ᠬᠥᠯ ᠦᠨ ᠦᠰᠦ ᠶᠢ ᠬᠤᠰᠤᠭᠤᠯᠵᠤ᠂ ᠰᠠᠬᠠᠯ ᠢ ᠨᠢ ᠴᠤ ᠠᠪᠤᠭᠤᠯᠤᠨ᠎ᠠ᠃

21 ᠲᠡᠷᠡ ᠡᠳᠦᠷ ᠬᠥᠮᠦᠨ ᠨᠢᠭᠡ ᠥᠬᠢᠨ ᠪᠢᠷᠠᠭᠤ ᠪᠣᠯᠣᠨ ᠬᠣᠶᠠᠷ ᠬᠣᠨᠢ ᠯᠠ ᠮᠠᠯᠵᠢᠬᠤ ᠪᠣᠯᠣᠨ᠎ᠠ᠃ 22 ᠰᠦ᠋ ᠡᠯᠪᠡᠭ ᠪᠣᠯᠬᠣᠷ ᠡᠭᠡᠳᠡᠮ ᠢᠳᠡᠬᠦ ᠪᠣᠯᠣᠨ᠎ᠠ᠂ ᠲᠡᠢᠨ ᠬᠦ ᠲᠡᠷᠡ ᠨᠤᠲᠤᠭ ᠤᠨ ᠦᠯᠡᠳᠡᠭᠰᠡᠨ ᠬᠥᠮᠦᠨ ᠪᠣᠯᠭᠠᠨ ᠡᠭᠡᠳᠡᠮ ᠪᠣᠯᠣᠨ ᠪᠠᠯ ᠢᠳᠡᠬᠦ ᠪᠣᠯᠪᠠᠴᠤ 23 ᠮᠢᠩ᠋ᠭᠠᠨ ᠮᠥᠩᠭᠥᠨ ᠱᠧᠺᠧᠯ ᠤᠨ ᠦᠨ᠎ᠡ ᠲᠠᠢ᠂ ᠮᠢᠩ᠋ᠭᠠᠨ ᠦᠵᠦᠮ ᠦᠨ ᠮᠣᠳᠣ ᠤᠷᠭᠤᠵᠤ ᠪᠠᠢᠭᠰᠠᠨ ᠭᠠᠵᠠᠷ ᠪᠦᠷᠢ ᠳᠤ ᠲᠡᠷᠡ ᠡᠳᠦᠷ ᠥᠷᠭᠡᠰᠦᠲᠦ ᠪᠤᠲᠠ ᠪᠠ ᠬᠠᠯᠠᠭᠠᠢ ᠤᠷᠭᠤᠨ᠎ᠠ᠃ 24 ᠪᠦᠬᠦ ᠭᠠᠵᠠᠷ ᠥᠷᠭᠡᠰᠦᠲᠦ ᠪᠤᠲᠠ ᠪᠠ ᠬᠠᠯᠠᠭᠠᠢ ᠪᠠᠷ ᠳᠦᠭᠦᠷᠬᠦ ᠤᠴᠢᠷ ᠠᠴᠠ ᠬᠥᠮᠦᠰ ᠲᠡᠨᠳᠡ ᠨᠤᠮᠤ ᠰᠤᠮᠤ ᠲᠠᠢ ᠯᠠ ᠣᠷᠣᠵᠤ ᠴᠢᠳᠠᠨ᠎ᠠ᠂ 25 ᠠᠨᠵᠢᠰᠤ ᠪᠠᠷ ᠬᠠᠭᠠᠯᠳᠠᠭ ᠪᠠᠢᠭᠰᠠᠨ ᠲᠣᠯᠣᠭᠠᠳ ᠳᠡᠭᠡᠷ᠎ᠡ ᠦᠭᠦᠷᠭᠡᠨ᠎ᠡ ᠪᠠ ᠬᠠᠯᠠᠭᠠᠢ ᠤᠷᠭᠤᠬᠤ ᠪᠣᠯᠬᠣᠷ ᠴᠢ ᠲᠡᠳᠡᠭᠡᠷ ᠡᠴᠡ ᠠᠶᠤᠵᠤ ᠲᠡᠨᠳᠡ ᠣᠴᠢᠬᠤ ᠦᠭᠡᠢ᠃ ᠲᠡᠳᠡᠭᠡᠷ ᠲᠣᠯᠣᠭᠠᠳ ᠢ ᠦᠬᠡᠷ ᠭᠢᠰᠬᠢᠯᠡᠳᠡᠭ ᠬᠣᠨᠢ ᠲᠠᠯᠬᠢᠳᠠᠳᠠᠭ ᠪᠣᠯᠣᠨ᠎ᠠ᠃》