ᠢᠰᠠᠢᠶ᠎ᠠ ᠵᠢᠷᠠ
ᠪᠤᠷᠬᠠᠨ ᠤ ᠬᠠᠭᠠᠨᠴᠢᠯᠠᠯ ᠤᠨ ᠵᠢᠪᠬᠤᠯᠠᠩ
1 《ᠪᠣᠰ᠂ ᠭᠡᠷᠡᠯᠲᠦ︕ ᠴᠢᠨᠦ ᠭᠡᠷᠡᠯ ᠢᠷᠡᠯ᠎ᠡ᠂ ᠶᠣᠬᠣᠸᠠ ᠶᠢᠨ ᠴᠣᠭ ᠵᠢᠪᠬᠤᠯᠠᠩ ᠴᠢᠨᠦ ᠳᠡᠭᠡᠷ᠎ᠡ ᠮᠠᠨᠳᠤᠯ᠎ᠠ᠃
2 ᠬᠠᠷ᠎ᠠ᠂ ᠭᠠᠵᠠᠷ ᠢ ᠬᠠᠷᠠᠩ᠋ᠭᠤᠢ ᠪᠦᠷᠬᠦᠵᠦ ᠦᠨᠳᠦᠰᠦᠲᠡᠨ ᠨᠦᠭᠦᠳ ᠦᠨ ᠳᠡᠭᠡᠷ᠎ᠡ ᠲᠦᠨᠡᠷ ᠬᠠᠷᠠᠩ᠋ᠭᠤᠢ ᠪᠠᠢᠬᠤ ᠳᠤ ᠶᠣᠬᠣᠸᠠ ᠴᠢᠨᠦ ᠳᠡᠭᠡᠷ᠎ᠡ ᠮᠠᠨᠳᠤᠨ᠎ᠠ ᠴᠣᠭ ᠵᠢᠪᠬᠤᠯᠠᠩ ᠨᠢ ᠴᠢᠨᠦ ᠳᠡᠭᠡᠷ᠎ᠡ ᠦᠵᠡᠭᠳᠡᠨ᠎ᠡ
3 ᠬᠠᠷᠢᠴᠤᠳ ᠴᠢᠨᠦ ᠭᠡᠷᠡᠯ ᠤᠷᠤᠭᠤ ᠢᠷᠡᠨ᠎ᠡ ᠬᠠᠭᠠᠳ ᠮᠠᠨᠳᠤᠬᠤ ᠲᠤᠶᠠᠭ᠎ᠠ ᠤᠷᠤᠭᠤ ᠴᠢᠨᠢ ᠢᠷᠡᠨ᠎ᠡ᠃
4 ᠨᠢᠳᠦ ᠪᠡᠨ ᠡᠷᠭᠦᠨ ᠡᠷᠭᠢᠨ ᠲᠣᠭᠣᠷᠢᠨ ᠢᠶᠠᠨ ᠬᠠᠷ᠎ᠠ ᠲᠡᠳᠡ ᠪᠦᠭᠦᠳᠡ ᠴᠤᠭᠯᠠᠨ᠂ ᠴᠢᠮ᠎ᠠ ᠳᠡᠭᠡᠷ᠎ᠡ ᠢᠷᠡᠵᠦ ᠪᠠᠢᠨ᠎ᠠ ᠬᠥᠪᠡᠭᠦᠳ ᠴᠢᠨᠢ ᠠᠯᠤᠰ ᠠᠴᠠ ᠢᠷᠡᠨ᠎ᠡ ᠥᠬᠢᠳ ᠴᠢᠨᠢ ᠲᠡᠪᠡᠷᠢᠭᠦᠯᠦᠨ ᠢᠷᠡᠨ᠎ᠡ᠃
5 ᠲᠡᠭᠡᠬᠦ ᠳᠦ ᠴᠢ ᠬᠠᠷᠠᠵᠤ᠂ ᠲᠤᠶᠠᠭᠠᠷᠠᠨ᠎ᠠ ᠵᠢᠷᠦᠬᠡ ᠴᠢᠨᠢ ᠰᠠᠭᠭᠠᠬᠤ ᠪᠥᠭᠡᠳ ᠠᠭᠤᠵᠢᠷᠠᠨ᠎ᠠ ᠳᠠᠯᠠᠢ ᠶᠢᠨ ᠪᠠᠶᠠᠯᠢᠭ ᠴᠢᠮ᠎ᠠ ᠤᠷᠤᠭᠤ ᠡᠷᠭᠢᠵᠦ ᠦᠨᠳᠦᠰᠦᠲᠡᠨ ᠨᠦᠭᠦᠳ ᠦᠨ ᠬᠥᠷᠥᠩᠭᠡ ᠴᠢᠮ᠎ᠠ ᠤᠷᠤᠭᠤ ᠢᠷᠡᠨ᠎ᠡ᠃
6 ᠦᠯᠡᠮᠵᠢ ᠣᠯᠠᠨ ᠲᠡᠮᠡᠭᠡ ᠮᠢᠳᠢᠶᠠᠨ ᠪᠣᠯᠣᠨ ᠡᠹᠠ ᠶᠢᠨ ᠪᠣᠲᠣᠭᠣ ᠨᠤᠭᠤᠳ ᠴᠢᠮᠠᠶᠢ ᠪᠦᠷᠬᠦᠨ᠎ᠡ ᠱᠧᠪᠠᠴᠤᠳ ᠪᠦᠭᠦᠳᠡᠭᠡᠷ ᠠᠯᠲᠠ ᠪᠣᠯᠣᠨ ᠭᠦᠭᠦᠯ ᠠᠪᠴᠢᠷᠠᠵᠤ ᠶᠣᠬᠣᠸᠠ ᠶᠢᠨ ᠮᠠᠭᠲᠠᠭᠠᠯ ᠲᠠᠢ ᠦᠢᠯᠡᠰ ᠢ ᠲᠤᠩ᠋ᠬᠠᠭᠯᠠᠨ᠎ᠠ᠃
7 ᠺᠧᠳᠠᠷ ᠤᠨ ᠪᠦᠬᠦ ᠬᠣᠨᠢᠨ ᠰᠦᠷᠦᠭ ᠴᠢᠮ᠎ᠠ ᠤᠷᠤᠭᠤ ᠴᠤᠭᠯᠠᠷᠠᠵᠤ ᠨᠧᠪᠠᠶᠣᠲ ᠤᠨ ᠬᠤᠴᠠ ᠨᠤᠭᠤᠳ ᠴᠢᠮ᠎ᠠ ᠳᠤ ᠦᠢᠯᠡᠴᠢᠯᠡᠨ᠎ᠡ ᠲᠡᠳᠡ ᠲᠠᠬᠢᠯ ᠤᠨ ᠰᠢᠷᠡᠭᠡᠨ ᠳᠡᠭᠡᠷ᠎ᠡ ᠮᠢᠨᠢ ᠭᠠᠷᠤᠭᠠᠳ ᠲᠠᠭᠠᠯᠠᠮᠵᠢᠲᠤ ᠡᠷᠭᠦᠯ ᠪᠣᠯᠬᠤ ᠳᠤ ᠪᠢ ᠠᠯᠳᠠᠷ ᠤᠨ ᠢᠶᠠᠨ ᠭᠡᠷ ᠲᠦ ᠠᠯᠳᠠᠷᠰᠢᠬᠤ ᠪᠣᠯᠣᠨ᠎ᠠ᠃
8 ᠡᠭᠦᠯᠡ ᠮᠡᠲᠦ᠂ ᠡᠭᠦᠷ ᠲᠡᠭᠡᠨ ᠪᠤᠴᠠᠬᠤ ᠲᠠᠭᠲᠠᠭ᠎ᠠ ᠨᠤᠭᠤᠳ ᠮᠡᠲᠦ ᠨᠢᠰᠴᠦ ᠢᠷᠡᠭᠴᠢᠳ ᠨᠢ ᠬᠡᠨ ᠪᠤᠢ︖
9 ᠠᠷᠠᠯ ᠤᠨ ᠣᠷᠣᠨ ᠨᠤᠭᠤᠳ ᠨᠠᠳᠠ ᠳᠤ ᠨᠠᠢᠳᠠᠵᠤ ᠪᠠᠢᠨ᠎ᠠ ᠲᠦᠷᠦᠭᠦᠨ ᠳᠦᠨᠢ ᠲᠠᠷᠱᠢᠱ ᠤᠨ ᠣᠩ᠋ᠭᠣᠴᠠ ᠨᠤᠭᠤᠳ ᠠᠯᠤᠰ ᠬᠣᠯᠠ ᠠᠴᠠ ᠦᠷ᠎ᠡ ᠬᠡᠦᠬᠡᠳ ᠤᠳ ᠢ ᠴᠢᠨᠢ ᠠᠯᠲᠠ ᠮᠥᠩᠭᠥ ᠲᠠᠢ ᠪᠠᠨ ᠠᠪᠴᠢᠷᠠᠵᠤ ᠴᠢᠮᠠᠶᠢ ᠠᠯᠳᠠᠷᠰᠢᠭᠤᠯᠤᠭᠰᠠᠨ ᠴᠢᠨᠦ ᠪᠤᠷᠬᠠᠨ ᠶᠣᠬᠣᠸᠠ᠂ ᠢᠰᠷᠧᠯ ᠤᠨ ᠠᠷᠢᠭᠤᠨ ᠨᠢᠭᠡᠨ ᠦ ᠨᠡᠷ᠎ᠡ ᠳᠦ ᠵᠣᠷᠢᠭᠤᠯᠤᠨ᠎ᠠ᠃
10 ᠬᠠᠷᠢᠴᠤᠳ ᠬᠠᠨ᠎ᠠ ᠬᠡᠷᠡᠮ ᠢ ᠴᠢᠨᠢ ᠪᠣᠰᠬᠠᠨ᠎ᠠ ᠬᠠᠭᠠᠳ ᠨᠢ ᠴᠢᠮ᠎ᠠ ᠳᠤ ᠦᠢᠯᠡᠴᠢᠯᠡᠨ᠎ᠡ᠂ ᠴᠢᠮᠠᠶᠢ ᠪᠢ ᠠᠭᠤᠷ ᠢᠶᠠᠷ ᠢᠶᠠᠨ ᠴᠣᠬᠢᠭᠰᠠᠨ ᠪᠣᠯᠪᠠᠴᠤ ᠴᠢᠮᠠᠶᠢ ᠪᠢ ᠡᠨᠡᠷᠢᠯ ᠢᠶᠠᠷ ᠢᠶᠠᠨ ᠥᠷᠥᠰᠢᠶᠡᠨ᠎ᠡ᠃
11 ᠬᠠᠭᠠᠯᠭ᠎ᠠ ᠨᠤᠭᠤᠳ ᠴᠢᠨᠢ ᠡᠳᠦᠷ ᠴᠤ᠂ ᠰᠥᠨᠢ ᠴᠤ ᠬᠠᠭᠠᠭᠳᠠᠬᠤ ᠦᠭᠡᠢ᠂ ᠦᠷᠭᠦᠯᠵᠢ ᠨᠡᠭᠡᠭᠡᠯᠲᠡ ᠲᠠᠢ ᠪᠠᠢᠭᠰᠠᠭᠠᠷ ᠦᠨᠳᠦᠰᠦᠲᠡᠨ ᠨᠦᠭᠦᠳ ᠦᠨ ᠡᠳ᠋ ᠪᠠᠶᠠᠯᠢᠭ ᠴᠢᠮ᠎ᠠ ᠳᠤ ᠠᠪᠴᠢᠷᠠᠭᠳᠠᠨᠠ ᠬᠠᠭᠠᠳ ᠨᠢ ᠴᠤ ᠬᠥᠭᠡᠭᠡᠭᠳᠡᠨ ᠢᠷᠡᠨ᠎ᠡ᠃
12 ᠴᠢᠮ᠎ᠠ ᠳᠤ ᠦᠢᠯᠡᠴᠢᠯᠡᠬᠦ ᠳᠤᠷ᠎ᠠ ᠦᠭᠡᠢ ᠦᠨᠳᠦᠰᠦᠲᠡᠨ᠂ ᠬᠠᠭᠠᠨᠴᠢᠯᠠᠯ ᠤᠳ ᠰᠥᠨᠥᠨ᠎ᠡ ᠲᠡᠳᠡᠭᠡᠷ ᠦᠨᠳᠦᠰᠦᠲᠡᠨ ᠪᠦᠷᠢᠮᠦᠰᠦᠨ ᠤᠰᠠᠳᠬᠠᠭᠳᠠᠨ᠎ᠠ᠃
13 ᠯᠧᠪᠠᠨᠣᠨ ᠤ ᠪᠠᠬᠠᠷᠬᠠᠯ ᠪᠣᠯᠬᠤ ᠠᠷᠴᠠ᠂ ᠴᠦᠭᠦᠷᠰᠦ᠂ ᠨᠠᠷᠠᠰᠤ ᠵᠡᠷᠭᠡ ᠨᠢ ᠴᠢᠮ᠎ᠠ ᠤᠷᠤᠭᠤ ᠢᠷᠡᠵᠦ ᠠᠷᠢᠭᠤᠨ ᠭᠠᠵᠠᠷ ᠢ ᠮᠢᠨᠢ ᠴᠢᠮᠡᠭᠯᠡᠨ᠎ᠡ ᠡᠢᠨ ᠬᠦ ᠪᠢ ᠬᠥᠯ ᠲᠠᠯᠪᠢᠬᠤ ᠭᠠᠵᠠᠷ ᠢᠶᠠᠨ ᠠᠯᠳᠠᠷᠰᠢᠭᠤᠯᠤᠨ᠎ᠠ᠃
14 ᠴᠢᠮᠠᠶᠢ ᠵᠣᠪᠠᠭᠠᠭᠴᠢᠳ ᠤᠨ ᠬᠥᠪᠡᠭᠦᠳ ᠴᠢᠮ᠎ᠠ ᠳᠤ ᠢᠷᠡᠵᠦ ᠮᠡᠬᠦᠢᠨ ᠴᠢᠮᠠᠶᠢ ᠪᠠᠰᠤᠮᠵᠢᠯᠠᠭᠴᠢ ᠪᠦᠬᠦᠨ ᠬᠥᠯ ᠦᠨ ᠴᠢᠨᠢ ᠳᠣᠣᠷ᠎ᠠ ᠪᠥᠬᠥᠢᠵᠦ ᠴᠢᠮᠠᠶᠢ ᠶᠣᠬᠣᠸᠠ ᠶᠢᠨ ᠬᠣᠲᠠ᠂ ᠢᠰᠷᠧᠯ ᠤᠨ ᠠᠷᠢᠭᠤᠨ ᠨᠢᠭᠡᠨ ᠦ ᠽᠢᠶᠣᠨ ᠭᠡᠵᠦ ᠳᠠᠭᠤᠳᠠᠨ᠎ᠠ᠃
15 ᠴᠢ ᠬᠠᠶᠠᠭᠳᠠᠵᠤ᠂ ᠵᠢᠭ᠍ᠰᠢᠭᠳᠡᠭᠰᠡᠨ ᠲᠤᠯᠠ ᠴᠢᠮ᠎ᠠ ᠪᠠᠷ ᠥᠩᠭᠡᠷᠡᠭᠴᠢ ᠪᠠᠢᠬᠤ ᠦᠭᠡᠢ ᠪᠠᠢᠭᠰᠠᠨ᠂ ᠬᠠᠷᠢᠨ ᠪᠢ ᠴᠢᠮᠠᠶᠢ ᠮᠥᠩᠬᠡ ᠶᠢᠨ ᠪᠠᠬᠠᠷᠬᠠᠯ ᠪᠦᠬᠦ ᠦᠶ᠎ᠡ ᠶᠢᠨ ᠪᠠᠶᠠᠰᠤᠯ ᠪᠣᠯᠭᠠᠨ᠎ᠠ᠃
16 ᠴᠢ ᠬᠠᠷᠢᠴᠤᠳ ᠤᠨ ᠰᠦ᠋ ᠶᠢ ᠰᠣᠷᠣᠨ ᠬᠠᠭᠠᠳ ᠤᠨ ᠬᠥᠬᠥ ᠶᠢ ᠬᠥᠬᠥᠨᠡ ᠴᠢᠮᠠᠶᠢ ᠠᠪᠤᠷᠠᠭᠴᠢ᠂ ᠴᠢᠮᠠᠶᠢ ᠵᠣᠯᠢᠭᠴᠢ᠂ ᠶᠠᠺᠣᠪ ᠤᠨ ᠬᠦᠴᠦᠲᠦ ᠨᠢᠭᠡᠨ ᠪᠣᠯ ᠶᠣᠬᠣᠸᠠ ᠪᠢ ᠭᠡᠳᠡᠭ ᠢ ᠴᠢ ᠮᠡᠳᠡᠬᠦ ᠪᠣᠯᠣᠨ᠎ᠠ᠃
17 ᠪᠢ ᠵᠡᠰ ᠦᠨ ᠣᠷᠣᠨ ᠳᠤ ᠠᠯᠲᠠ ᠲᠡᠮᠦᠷ ᠦᠨ ᠣᠷᠣᠨ ᠳᠤ ᠮᠥᠩᠭᠥ ᠠᠪᠴᠢᠷᠠᠨ᠎ᠠ᠂ ᠪᠢ ᠮᠣᠳᠣᠨ ᠤ ᠣᠷᠣᠨ ᠳᠤ ᠵᠡᠰ ᠴᠢᠯᠠᠭᠤᠨ ᠤ ᠣᠷᠣᠨ ᠳᠤ ᠲᠡᠮᠦᠷ ᠠᠪᠴᠢᠷᠠᠵᠤ ᠠᠮᠤᠷ ᠠᠮᠤᠭᠤᠯᠠᠩ ᠢ ᠴᠢᠨᠦ ᠬᠠᠷᠠᠭᠠᠯᠵᠠᠭᠴᠢ ᠵᠥᠪ ᠢ ᠴᠢᠨᠦ ᠵᠠᠬᠢᠷᠤᠭᠴᠢ ᠪᠣᠯᠭᠠᠨ᠎ᠠ᠃
18 ᠨᠤᠲᠤᠭ ᠲᠤ ᠴᠢᠨᠢ ᠳᠠᠬᠢᠭᠠᠳ ᠬᠦᠴᠦᠷᠬᠡᠭᠯᠡᠯ ᠰᠣᠨᠣᠰᠳᠠᠬᠤ ᠦᠭᠡᠢ ᠬᠢᠯᠢ ᠬᠢᠵᠠᠭᠠᠷ ᠤᠨ ᠴᠢᠨᠢ ᠳᠣᠲᠣᠷ᠎ᠠ ᠬᠣᠬᠢᠷᠠᠯ ᠪᠠ ᠰᠦᠢᠷᠡᠯ ᠰᠣᠨᠣᠰᠳᠠᠬᠤ ᠪᠠᠨ ᠪᠣᠯᠢᠨ᠎ᠠ ᠴᠢ ᠬᠠᠨ᠎ᠠ ᠬᠡᠷᠡᠮ ᠢᠶᠡᠨ ᠠᠪᠤᠷᠠᠯ ᠬᠠᠭᠠᠯᠭ᠎ᠠ ᠪᠠᠨ ᠮᠠᠭᠲᠠᠭᠠᠯ ᠭᠡᠵᠦ ᠳᠠᠭᠤᠳᠠᠨ᠎ᠠ᠃
19 ᠨᠠᠷᠠ ᠡᠳᠦᠷ ᠢᠶᠡᠷ ᠴᠢᠨᠦ ᠭᠡᠷᠡᠯ ᠪᠠᠢᠬᠤ ᠪᠠᠨ ᠪᠣᠯᠢᠵᠤ ᠰᠠᠷᠠᠨ ᠤ ᠲᠤᠶᠠᠭ᠎ᠠ ᠴᠢᠮᠠᠶᠢ ᠭᠡᠶᠢᠭᠦᠯᠬᠦ ᠪᠡᠨ ᠪᠣᠯᠢᠨ᠎ᠠ ᠬᠠᠷᠢᠨ ᠶᠣᠬᠣᠸᠠ ᠴᠢᠨᠦ ᠡᠭᠦᠷᠢᠳᠡ ᠶᠢᠨ ᠭᠡᠷᠡᠯ ᠪᠣᠯᠵᠤ ᠴᠢᠨᠦ ᠪᠤᠷᠬᠠᠨ ᠴᠢᠨᠦ ᠠᠯᠳᠠᠷ ᠪᠣᠯᠣᠨ᠎ᠠ᠃
20 ᠨᠠᠷᠠ ᠴᠢᠨᠢ ᠳᠠᠬᠢᠨ ᠰᠢᠩᠭᠡᠬᠦ ᠦᠭᠡᠢ ᠰᠠᠷ᠎ᠠ ᠴᠢᠨᠢ ᠳᠠᠬᠢᠨ ᠬᠠᠪᠢᠷᠭᠠᠯᠠᠬᠤ ᠦᠭᠡᠢ ᠤᠴᠢᠷ ᠨᠢ ᠶᠣᠬᠣᠸᠠ ᠴᠢᠨᠦ ᠡᠭᠦᠷᠢᠳᠡ ᠶᠢᠨ ᠭᠡᠷᠡᠯ ᠪᠣᠯᠵᠤ ᠭᠠᠰᠢᠭᠤᠳᠠᠯ ᠤᠨ ᠡᠳᠦᠷ ᠤᠳ ᠴᠢᠨᠢ ᠲᠡᠭᠦᠰᠦᠨ᠎ᠡ᠃
21 ᠲᠡᠭᠡᠬᠦ ᠳᠦ ᠠᠷᠠᠳ ᠲᠦᠮᠡᠨ ᠴᠢᠨᠢ ᠪᠦᠭᠦᠳᠡ ᠵᠥᠪᠲᠡᠨ ᠪᠣᠯᠵᠤ ᠭᠠᠵᠠᠷ ᠢ ᠮᠥᠩᠬᠡᠳᠡ ᠡᠵᠡᠮᠰᠢᠨ᠎ᠡ ᠲᠡᠳᠡ ᠪᠣᠯ ᠮᠢᠨᠦ ᠠᠯᠳᠠᠷ ᠤᠨ ᠢᠶᠠᠨ ᠲᠥᠯᠥᠭᠡ ᠲᠠᠷᠢᠭᠰᠠᠨ ᠮᠥᠴᠢᠷ ᠭᠠᠷ ᠢᠶᠠᠷ ᠢᠶᠠᠨ ᠬᠢᠭᠰᠡᠨ ᠮᠢᠨᠦ ᠪᠦᠲᠦᠭᠡᠯ
22 ᠬᠠᠮᠤᠭ ᠤᠨ ᠪᠠᠭ᠎ᠠ ᠨᠢ ᠮᠢᠩ᠋ᠭ᠎ᠠ ᠪᠣᠯᠵᠤ ᠬᠠᠮᠤᠭ ᠤᠨ ᠳᠣᠷᠣᠢ ᠨᠢ ᠬᠦᠴᠦᠷᠬᠡᠭ ᠦᠨᠳᠦᠰᠦᠲᠡᠨ ᠪᠣᠯᠣᠨ᠎ᠠ ᠶᠣᠬᠣᠸᠠ ᠪᠢ ᠴᠠᠭ ᠲᠤᠨᠢ ᠶᠠᠭᠠᠷᠠᠯᠲᠠᠢ ᠭᠦᠢᠴᠡᠳᠬᠡᠨ᠎ᠡ᠃》