ᠢᠰᠠᠢᠶ᠎ᠠ ᠲᠠᠪᠢᠨ ᠭᠤᠷᠪᠠ
1 ᠬᠠᠷᠢᠨ ᠪᠢᠳᠡᠨ ᠦ ᠰᠣᠨᠣᠰᠬᠠᠭᠰᠠᠨ ᠢ ᠬᠡᠨ ᠢᠲᠡᠭᠡᠪᠡ︖ ᠶᠣᠬᠣᠸᠠ ᠶᠢᠨ ᠮᠤᠲᠤᠷ ᠬᠡᠨ ᠳᠦ ᠢᠯᠡᠷᠡᠭᠰᠡᠨ ᠪᠤᠢ︖
2 ᠲᠡᠷᠡ ᠶᠣᠬᠣᠸᠠ ᠶᠢᠨ ᠡᠮᠦᠨ᠎ᠡ ᠨᠢᠯᠬ᠎ᠠ ᠨᠠᠬᠢᠶ᠎ᠠ ᠮᠡᠲᠦ ᠬᠠᠭᠤᠷᠠᠢ ᠭᠠᠵᠠᠷ ᠠᠴᠠ ᠭᠠᠷᠤᠭᠰᠠᠨ ᠡᠰᠢ ᠮᠡᠲᠦ ᠤᠷᠭᠤᠭᠰᠠᠨ ᠪᠢᠳᠡᠨ ᠦ ᠠᠩ᠋ᠬᠠᠷᠤᠮᠠᠷ ᠳᠦᠷᠢ ᠲᠥᠷᠬᠥ᠂ ᠰᠦᠷ ᠵᠢᠪᠬᠤᠯᠠᠩ ᠲᠡᠭᠦᠨ ᠳᠦ ᠦᠭᠡᠢ ᠪᠢᠳᠡᠨ ᠦ ᠬᠦᠰᠡᠮᠡᠷ ᠦᠵᠡᠰᠬᠦᠯᠡᠩ ᠲᠡᠭᠦᠨ ᠳᠦ ᠠᠯᠠᠭ᠎ᠠ᠂
3 ᠲᠡᠷᠡ ᠬᠥᠮᠦᠰ ᠲᠦ ᠵᠢᠭ᠍ᠰᠢᠭᠳᠡᠵᠦ ᠣᠭᠣᠷᠣᠭᠳᠠᠪᠠ᠂ ᠲᠡᠷᠡ ᠪᠣᠯ ᠤᠢ ᠭᠠᠰᠢᠭᠤ ᠲᠠᠢ ᠬᠥᠮᠦᠨ᠂ ᠡᠪᠡᠳᠴᠢᠨ ᠵᠣᠪᠠᠯᠠᠩ ᠢ ᠮᠡᠳᠡᠭᠴᠢ ᠬᠥᠮᠦᠨ ᠨᠢᠭᠤᠷ ᠢᠶᠠᠨ ᠪᠤᠷᠤᠭᠤᠯᠠᠨ ᠲᠡᠭᠦᠨ ᠢ ᠵᠢᠭ᠍ᠰᠢᠵᠦ ᠪᠠᠢᠪᠠ ᠪᠢᠳᠡ ᠲᠡᠭᠦᠨ ᠢ ᠲᠣᠭᠣᠭᠰᠠᠨ ᠦᠭᠡᠢ᠃
4 ᠦᠨᠡᠬᠡᠷ ᠲᠡᠷᠡ ᠪᠢᠳᠡᠨ ᠦ ᠡᠪᠡᠳᠴᠢᠨ ᠵᠣᠪᠠᠯᠠᠩ ᠢ ᠡᠭᠦᠷᠴᠦ ᠪᠢᠳᠡᠨ ᠦ ᠤᠢ ᠭᠠᠰᠢᠭᠤ ᠶᠢ ᠲᠡᠭᠡᠭᠡᠪᠡ︕ ᠬᠠᠷᠢᠨ ᠪᠢᠳᠡ ᠲᠡᠭᠦᠨ ᠢ ᠪᠤᠷᠬᠠᠨ ᠳᠤ ᠵᠣᠳᠣᠭᠳᠠᠵᠤ᠂ ᠴᠣᠬᠢᠭᠳᠠᠵᠤ᠂ ᠵᠣᠪᠠᠵᠤ ᠪᠠᠢᠭ᠎ᠠ ᠳᠤ ᠲᠣᠭᠠᠴᠠᠪᠠ᠃
5 ᠬᠠᠷᠢᠨ ᠲᠡᠷᠡ ᠪᠢᠳᠡᠨ ᠦ ᠬᠢᠯᠢᠨᠴᠡ ᠶᠢᠨ ᠤᠯᠠᠮ ᠢᠶᠠᠷ ᠬᠠᠳᠬᠤᠭᠳᠠᠵᠤ ᠪᠢᠳᠡᠨ ᠦ ᠭᠡᠮ ᠦᠨ ᠤᠯᠠᠮ ᠢᠶᠠᠷ ᠪᠢᠴᠠᠯᠤᠭᠳᠠᠵᠤ ᠪᠠᠢᠪᠠ᠂ ᠲᠡᠷᠡ ᠰᠢᠳᠬᠡᠭᠳᠡᠭᠰᠡᠨ ᠢᠶᠡᠷ ᠪᠢᠳᠡ ᠠᠮᠤᠷ ᠠᠮᠤᠭᠤᠯᠠᠩ ᠢ ᠣᠯᠵᠤ ᠲᠡᠷᠡ ᠰᠢᠷᠬᠠᠲᠤᠭᠰᠠᠨ ᠢᠶᠠᠷ ᠪᠢᠳᠡ ᠡᠳᠡᠭᠡᠷᠡᠵᠡᠢ᠃
6 ᠪᠢᠳᠡ ᠪᠦᠭᠦᠳᠡᠭᠡᠷ ᠢᠶᠡᠨ ᠬᠣᠨᠢ ᠮᠡᠲᠦ ᠲᠥᠭᠡᠷᠢᠵᠦ ᠬᠥᠮᠦᠨ ᠪᠦᠷᠢ ᠥᠪᠡᠷ ᠥᠪᠡᠷ ᠦᠨ ᠢᠶᠠᠨ ᠵᠠᠮ ᠢᠶᠠᠷ ᠶᠠᠪᠤᠪᠠ ᠬᠠᠷᠢᠨ ᠶᠣᠬᠣᠸᠠ ᠪᠢᠳᠡ ᠪᠦᠬᠦᠨ ᠦ ᠭᠡᠮ ᠢ ᠲᠡᠭᠦᠨ ᠳᠦ ᠲᠣᠬᠣᠵᠠᠢ᠂
7 ᠲᠡᠷᠡ ᠲᠠᠮᠤᠯᠠᠭᠳᠠᠪᠠ᠂ ᠬᠠᠷᠢᠨ ᠲᠡᠷᠡ ᠵᠣᠪᠠᠵᠤ ᠪᠠᠢᠬᠤ ᠳᠠᠭᠠᠨ ᠠᠮᠠ ᠪᠠᠨ ᠨᠡᠭᠡᠭᠡᠭᠰᠡᠨ ᠦᠭᠡᠢ ᠠᠯᠠᠯᠭᠠᠨ ᠳᠤ ᠠᠪᠠᠴᠢᠭᠳᠠᠬᠤ ᠬᠤᠷᠠᠭ᠎ᠠ ᠰᠢᠭ᠋ ᠬᠢᠷᠭᠠᠭᠴᠢ ᠶᠢᠨ ᠡᠮᠦᠨ᠎ᠡ ᠳᠤᠤᠭᠠᠷᠬᠤ ᠦᠭᠡᠢ ᠬᠣᠨᠢ ᠰᠢᠭ᠋ ᠲᠡᠷᠡ ᠠᠮᠠ ᠪᠠᠨ ᠨᠡᠭᠡᠭᠡᠭᠰᠡᠨ ᠦᠭᠡᠢ᠂
8 ᠠᠯᠪᠠᠳᠠᠯᠭ᠎ᠠ ᠶᠢᠨ ᠰᠢᠭᠦᠯᠲᠡ ᠶᠢᠨ ᠳᠠᠷᠠᠭ᠎ᠠ ᠲᠡᠷᠡ ᠠᠪᠠᠴᠢᠭᠳᠠᠪᠠ᠂ ᠦᠶ᠎ᠡ ᠶᠢᠨ ᠬᠢᠨ ᠤ ᠬᠢᠨᠢ ᠳᠤᠮᠳᠠ ᠠᠴᠠ ᠬᠡᠨ ᠨᠢ ᠲᠡᠭᠦᠨ ᠢ ᠠᠷᠠᠳ ᠲᠦᠮᠡᠨ ᠦ ᠮᠢᠨᠢ ᠬᠢᠯᠢᠨᠴᠡ ᠶᠢᠨ ᠲᠥᠯᠥᠭᠡ ᠴᠣᠬᠢᠭᠳᠠᠵᠤ ᠠᠮᠢᠳᠤᠷᠠᠭᠰᠠᠳ ᠤᠨ ᠣᠷᠣᠨ ᠠᠴᠠ ᠲᠠᠰᠤᠯᠤᠭᠳᠠᠭᠰᠠᠨ ᠭᠡᠵᠦ ᠪᠣᠳᠣᠬᠤ ᠪᠣᠯ ᠡ︖
9 ᠲᠡᠷᠡ ᠬᠦᠴᠦᠷᠬᠡᠭᠯᠡᠯ ᠢ ᠦᠢᠯᠡᠳᠦᠭᠡ ᠦᠭᠡᠢ ᠲᠡᠭᠦᠨ ᠦ ᠠᠮᠠᠨ ᠳᠤ ᠵᠠᠯᠢ ᠪᠠᠢᠭ᠎ᠠ ᠦᠭᠡᠢ ᠪᠣᠯᠪᠠᠴᠤ ᠲᠡᠷᠡ ᠪᠡᠷ ᠪᠤᠷᠤᠭᠤᠲᠠᠳ ᠤᠨ ᠬᠠᠮᠲᠤ ᠪᠤᠯᠠᠰᠢᠯᠠᠭᠳᠠᠪᠠ ᠪᠤᠯᠠᠰᠢ ᠨᠢ ᠪᠠᠶᠠᠨ ᠬᠥᠮᠦᠨ ᠲᠡᠢ ᠬᠠᠮᠲᠤ ᠪᠠᠢᠪᠠ᠂
10 ᠭᠡᠪᠡᠴᠦ ᠲᠡᠭᠦᠨ ᠢ ᠪᠢᠴᠠᠯᠵᠤ ᠵᠣᠪᠠᠭᠠᠬᠤ ᠨᠢ ᠶᠣᠬᠣᠸᠠ ᠶᠢᠨ ᠲᠠᠭᠠᠯᠠᠯ ᠪᠠᠢᠪᠠ ᠲᠡᠷᠡ ᠠᠮᠢ ᠪᠠᠨ ᠨᠢᠭᠦᠯ ᠦᠨ ᠲᠥᠯᠥᠭᠡᠬᠢ ᠲᠠᠬᠢᠯ ᠪᠣᠯᠭᠠᠪᠠᠯ ᠦᠷ᠎ᠡ ᠬᠣᠢᠴᠢ ᠪᠠᠨ ᠦᠵᠡᠨ᠎ᠡ ᠡᠳᠦᠷ ᠬᠣᠨᠣᠭ ᠨᠢ ᠤᠷᠲᠤᠰᠤᠨ ᠶᠣᠬᠣᠸᠠ ᠶᠢᠨ ᠲᠠᠭᠠᠯᠠᠯ ᠲᠡᠭᠦᠨ ᠦ ᠭᠠᠷ ᠲᠤ ᠪᠠᠳᠠᠷᠠᠨ᠎ᠠ᠃
11 ᠲᠡᠷᠡ ᠠᠮᠰᠠᠭᠰᠠᠨ ᠵᠣᠪᠠᠭᠤᠷᠢ ᠪᠠᠨ ᠡᠷᠭᠢᠨ ᠬᠠᠷᠠᠵᠤ ᠰᠡᠳᠬᠢᠯ ᠬᠠᠩ᠋ᠭᠠᠯᠤᠭᠤᠨ ᠪᠣᠯᠣᠨ᠎ᠠ᠂ ᠵᠥᠪᠲᠦ ᠵᠠᠷᠤᠴᠠ ᠮᠢᠨᠢ ᠮᠡᠳᠡᠯᠭᠡ ᠪᠡᠷ ᠢᠶᠠᠨ ᠣᠯᠠᠨ ᠢ ᠵᠥᠪᠲᠥᠭᠡᠵᠦ ᠲᠡᠳᠡᠨ ᠦ ᠭᠡᠮ ᠢ ᠲᠡᠭᠡᠭᠡᠬᠦ ᠪᠣᠯᠣᠨ᠎ᠠ᠃
12 ᠡᠢᠮᠦ ᠡᠴᠡ ᠪᠢ ᠲᠡᠭᠦᠨ ᠳᠦ ᠶᠡᠬᠡᠰ ᠲᠡᠢ ᠬᠠᠮᠲᠤ ᠬᠤᠪᠢ ᠶᠢ ᠣᠯᠭᠣᠨ᠎ᠠ ᠲᠡᠷᠡ ᠬᠦᠴᠦᠲᠡᠳ ᠲᠡᠢ ᠣᠯᠵᠠ ᠬᠤᠪᠢᠶᠠᠬᠤ ᠪᠣᠯᠣᠨ᠎ᠠ ᠤᠴᠢᠷ ᠨᠢ ᠲᠡᠷᠡ ᠠᠮᠢ ᠪᠠᠨ ᠦᠬᠦᠯ ᠤᠷᠤᠭᠤ ᠠᠰᠬᠠᠭᠰᠠᠨ ᠪᠤᠷᠤᠭᠤᠲᠠᠨ ᠳᠤ ᠲᠣᠭᠠᠴᠠᠭᠳᠠᠭᠰᠠᠨ ᠪᠣᠯᠪᠠᠴᠤ ᠲᠡᠷᠡ ᠣᠯᠠᠨ ᠤ ᠨᠢᠭᠦᠯ ᠢ ᠥᠪᠡᠷ ᠲᠡᠭᠡᠨ ᠡᠭᠦᠷᠴᠦ ᠪᠤᠷᠤᠭᠤᠲᠠᠳ ᠤᠨ ᠲᠥᠯᠥᠭᠡ ᠵᠠᠭᠤᠴᠢᠯᠠᠭᠰᠠᠨ ᠶᠤᠮ᠃