ᠢᠰᠠᠢᠶ᠎ᠠ ᠠᠷᠪᠠᠨ ᠬᠣᠶᠠᠷ
ᠠᠪᠤᠷᠠᠯ ᠤᠨ ᠮᠠᠭᠲᠠᠭᠠᠯ
1 ᠲᠡᠷᠡ ᠡᠳᠦᠷ ᠴᠢ᠄ 《ᠶᠣᠬᠣᠸᠠ ᠡ᠂ ᠪᠢ ᠲᠠᠨ ᠳᠤ ᠲᠠᠯᠠᠷᠬᠠᠶ᠎ᠠ ᠲᠠ ᠨᠠᠳᠠ ᠳᠤ ᠠᠭᠤᠷ ᠲᠠᠢ ᠪᠠᠢᠭᠰᠠᠨ ᠪᠣᠯᠪᠠᠴᠤ ᠠᠭᠤᠷ ᠲᠠᠨᠢ ᠨᠠᠮᠳᠠᠵᠤ ᠨᠠᠮᠠᠶᠢ ᠲᠠᠢᠪᠤᠰᠢᠷᠠᠭᠤᠯᠵᠠᠢ᠃
2 ᠪᠤᠷᠬᠠᠨ ᠪᠣᠯ ᠮᠢᠨᠦ ᠠᠪᠤᠷᠠᠯ︕ ᠪᠢ ᠢᠲᠡᠭᠡᠨ᠎ᠡ᠂ ᠠᠶᠤᠬᠤ ᠦᠭᠡᠢ ᠡᠵᠡᠨ ᠶᠣᠬᠣᠸᠠ ᠪᠣᠯ ᠮᠢᠨᠦ ᠬᠦᠴᠦ᠂ ᠮᠢᠨᠦ ᠳᠠᠭᠤᠤ ᠨᠠᠳᠠ ᠳᠤ ᠲᠡᠷᠡ ᠠᠪᠤᠷᠠᠯ ᠪᠣᠯᠣᠯ᠎ᠠ》 ᠭᠡᠵᠦ ᠬᠡᠯᠡᠨ᠎ᠡ᠃
3 ᠲᠠ ᠨᠠᠷ ᠠᠪᠤᠷᠠᠯ ᠤᠨ ᠬᠤᠳᠳᠤᠭ ᠠᠴᠠ ᠪᠠᠶᠠᠷ ᠲᠠᠢ ᠪᠠᠷ ᠤᠰᠤ ᠲᠠᠲᠠᠬᠤ ᠪᠣᠯᠣᠨ᠎ᠠ᠂
4 ᠲᠡᠷᠡ ᠡᠳᠦᠷ ᠲᠠ ᠨᠠᠷ᠄ 《ᠶᠣᠬᠣᠸᠠ ᠳᠤ ᠲᠠᠯᠠᠷᠬᠠᠵᠠᠭᠠ᠂ ᠨᠡᠷ᠎ᠡ ᠶᠢ ᠨᠢ ᠳᠠᠭᠤᠳᠠ ᠲᠡᠭᠦᠨ ᠦ ᠦᠢᠯᠡᠰ ᠢ ᠦᠨᠳᠦᠰᠦᠲᠡᠨ ᠨᠦᠭᠦᠳ ᠦᠨ ᠳᠤᠮᠳᠠ ᠮᠡᠳᠡᠭᠦᠯᠵᠦ ᠲᠡᠭᠦᠨ ᠦ ᠨᠡᠷ᠎ᠡ ᠠᠭᠤᠤ ᠭᠡᠳᠡᠭ ᠢ ᠲᠤᠩ᠋ᠬᠠᠭᠯᠠ᠃
5 ᠭᠠᠢᠬᠠᠮᠰᠢᠭ ᠢ ᠦᠢᠯᠡᠳᠦᠭᠰᠡᠨ ᠶᠣᠬᠣᠸᠠ ᠶᠢ ᠮᠠᠭᠲᠠᠨ ᠳᠠᠭᠤᠯᠠᠵᠤ ᠭᠠᠵᠠᠷ ᠳᠠᠶᠠᠭᠠᠷ ᠲᠡᠭᠦᠨ ᠢ ᠨᠢ ᠮᠡᠳᠡᠭᠦᠯᠦᠭᠲᠦᠨ᠃
6 ᠽᠢᠶᠣᠨ ᠤ ᠰᠠᠭᠤᠭᠠᠯᠢᠴᠢᠳ ᠡ︕ ᠴᠢᠩᠭ᠍᠎ᠠ ᠳᠠᠭᠤ ᠪᠠᠷ ᠪᠠᠶᠠᠰᠤᠨ ᠳᠠᠭᠤᠯᠠᠵᠠᠭᠠ᠂ ᠲᠠ ᠨᠠᠷ ᠤᠨ ᠳᠤᠮᠳᠠ ᠢᠰᠷᠧᠯ ᠤᠨ ᠠᠷᠢᠭᠤᠨ ᠨᠢᠭᠡᠨ ᠨᠢ ᠪᠠᠢᠨ᠎ᠠ᠂ ᠲᠡᠷᠡ ᠠᠭᠤᠤ ᠶᠤᠮ》 ᠭᠡᠵᠦ ᠬᠡᠯᠡᠨ᠎ᠡ᠃