ᠢᠰᠠᠢᠶ᠎ᠠ ᠳᠥᠴᠢᠨ ᠬᠣᠶᠠᠷ
ᠡᠵᠡᠨ ᠦ ᠵᠠᠷᠤᠴᠠ ᠮᠧᠰᠢᠶ᠎ᠠ
1 ᠮᠢᠨᠦ ᠳᠡᠮᠵᠢᠳᠡᠭ ᠵᠠᠷᠤᠴᠠ᠂ ᠮᠢᠨᠦ ᠰᠣᠩ᠋ᠭᠣᠭᠰᠠᠨ᠂ ᠮᠢᠨᠦ ᠲᠠᠭᠠᠯᠠᠳᠠᠭ ᠨᠢᠭᠡᠨ ᠢ ᠬᠠᠷ᠎ᠠ ᠪᠢ ᠲᠡᠭᠦᠨ ᠳᠦ ᠰᠦᠨᠡᠰᠦ ᠪᠡᠨ ᠬᠦᠷᠲᠡᠭᠡᠨ᠎ᠡ ᠲᠡᠷᠡ ᠪᠡᠷ ᠦᠨᠳᠦᠰᠦᠲᠡᠨ ᠨᠦᠭᠦᠳ ᠲᠦ ᠰᠢᠳᠤᠷᠭᠤ ᠶᠢ ᠠᠪᠴᠢᠷᠠᠨ᠎ᠠ᠃
2 ᠲᠡᠷᠡ ᠬᠠᠰᠬᠢᠷᠬᠤ ᠦᠭᠡᠢ ᠳᠠᠭᠤ ᠪᠠᠨ ᠥᠨᠳᠥᠷᠰᠡᠭᠡᠬᠦ ᠦᠭᠡᠢ ᠲᠡᠭᠦᠨ ᠦ ᠳᠠᠭᠤ ᠭᠤᠳᠤᠮᠵᠢᠨ ᠳᠤ ᠰᠣᠨᠣᠰᠳᠠᠬᠤ ᠦᠭᠡᠢ᠂
3 ᠲᠡᠷᠡ ᠪᠡᠷ ᠪᠢᠴᠠᠯᠤᠭᠳᠠᠭᠰᠠᠨ ᠵᠡᠭᠡᠰᠦ ᠶᠢ ᠬᠤᠭᠤᠯᠬᠤ ᠦᠭᠡᠢ ᠪᠦᠳᠡᠭᠢᠷᠡᠵᠦ ᠪᠤᠢ ᠵᠤᠯᠠ ᠶᠢ ᠪᠥᠬᠥᠭᠡᠬᠦ ᠦᠭᠡᠢ ᠭᠣᠣᠯᠴᠢ ᠶᠣᠰᠣ ᠶᠢ ᠠᠪᠴᠢᠷᠠᠨ ᠪᠠᠲᠤᠵᠢᠭᠤᠯᠤᠨ᠎ᠠ᠂
4 ᠲᠡᠷᠡ ᠬᠤᠭᠤᠷᠠᠬᠤ ᠦᠭᠡᠢ᠂ ᠨᠤᠭᠤᠷᠠᠬᠤ ᠦᠭᠡᠢ᠂ ᠭᠠᠵᠠᠷ ᠳᠡᠭᠡᠷ᠎ᠡ ᠭᠣᠣᠯᠴᠢ ᠶᠣᠰᠣ ᠶᠢ ᠲᠣᠭᠲᠠᠭᠠᠬᠤ ᠪᠣᠯᠣᠨ᠎ᠠ ᠠᠷᠠᠯ ᠤᠨ ᠬᠢᠨ ᠴᠤ ᠲᠡᠭᠦᠨ ᠦ ᠰᠤᠷᠭᠠᠯ ᠤᠷᠤᠭᠤ ᠲᠡᠮᠡᠦᠯᠦᠨ᠎ᠡ᠃
5 ᠲᠩᠷᠢ ᠶᠢ ᠪᠦᠲᠦᠭᠡᠵᠦ᠂ ᠲᠡᠭᠦᠨ ᠢ ᠳᠡᠯᠡᠭᠰᠡᠨ ᠳᠡᠯᠡᠬᠡᠢ ᠪᠣᠯᠣᠨ ᠲᠡᠭᠦᠨ ᠡᠴᠡ ᠭᠠᠷᠬᠤ ᠪᠦᠬᠦᠨ ᠢ ᠳᠡᠯᠭᠡᠭᠰᠡᠨ ᠲᠡᠭᠦᠨ ᠦ ᠳᠡᠭᠡᠷᠡᠬᠢ ᠠᠷᠠᠳ ᠲᠦᠮᠡᠨ ᠳᠦ ᠠᠮᠢᠰᠬᠤᠯ ᠢ ᠲᠡᠭᠦᠨ ᠦ ᠳᠣᠲᠣᠷ᠎ᠠ ᠶᠠᠪᠤᠭᠴᠢᠳ ᠲᠤ ᠰᠦᠨᠡᠰᠦ ᠶᠢ ᠰᠣᠶᠣᠷᠬᠠᠭᠴᠢ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄
6 《ᠶᠣᠬᠣᠸᠠ ᠪᠢ ᠵᠥᠪ ᠢᠶᠡᠨ ᠪᠡᠶᠡᠯᠡᠭᠦᠯᠬᠦ ᠪᠡᠷ ᠴᠢᠮᠠᠶᠢ ᠳᠠᠭᠤᠳᠠᠭᠰᠠᠨ ᠪᠢ ᠭᠠᠷ ᠠᠴᠠ ᠴᠢᠨᠢ ᠠᠳᠬᠤᠨ ᠴᠢᠮᠠᠶᠢ ᠬᠠᠮᠠᠭᠠᠯᠠᠵᠤ ᠴᠢᠮᠠᠶᠢ ᠠᠷᠠᠳ ᠲᠦᠮᠡᠨ ᠦ ᠪᠠᠨ ᠭᠡᠷ᠎ᠡ ᠬᠠᠷᠢᠴᠤᠳ ᠤᠨ ᠭᠡᠷᠡᠯ ᠪᠣᠯᠭᠠᠨ᠎ᠠ᠂
7 ᠡᠢᠮᠦ ᠡᠴᠡ ᠴᠢ ᠰᠣᠬᠣᠷ ᠤᠨ ᠨᠢᠳᠦ ᠶᠢ ᠨᠡᠭᠡᠭᠡᠵᠦ ᠬᠣᠷᠢᠭᠳᠠᠯ ᠤᠳ ᠢ ᠭᠢᠨᠳᠠᠨ ᠠᠴᠠ ᠭᠠᠷᠭᠠᠨ ᠬᠠᠷᠠᠩ᠋ᠭᠤᠢ ᠳᠤ ᠰᠠᠭᠤᠭᠴᠢᠳ ᠢ ᠴᠤ ᠭᠠᠷᠭᠠᠨ᠎ᠠ᠃
8 ᠪᠢ ᠪᠣᠯ ᠶᠣᠬᠣᠸᠠ ᠨᠡᠷ᠎ᠡ ᠮᠢᠨᠢ ᠡᠨᠡ ᠪᠢ ᠠᠯᠳᠠᠷ ᠢᠶᠠᠨ ᠪᠤᠰᠤᠳ ᠲᠤ ᠮᠠᠭᠲᠠᠭᠠᠯ ᠢᠶᠠᠨ ᠰᠢᠲᠦᠭᠡᠨ ᠨᠦᠭᠦᠳ ᠲᠦ ᠥᠭᠬᠦ ᠦᠭᠡᠢ᠃
9 ᠬᠠᠷ᠎ᠠ᠂ ᠤᠷᠢᠳᠤ ᠶᠢᠨ ᠵᠦᠢᠯᠡᠰ ᠪᠡᠶᠡᠯᠡᠭᠳᠡᠭᠰᠡᠨ ᠪᠢ ᠰᠢᠨ᠎ᠡ ᠵᠦᠢᠯᠡᠰ ᠢ ᠢᠯᠡᠷᠬᠡᠶᠢᠯᠡᠶ᠎ᠡ᠂ ᠰᠣᠶᠣᠭᠠᠯᠠᠨ ᠭᠠᠷᠬᠤ ᠠᠴᠠ ᠨᠢ ᠡᠮᠦᠨ᠎ᠡ ᠪᠢ ᠲᠠ ᠨᠠᠷ ᠲᠤ ᠰᠣᠨᠣᠷᠳᠠᠭᠤᠯᠤᠶ᠎ᠠ᠃》
10 ᠳᠠᠯᠠᠢ ᠤᠷᠤᠭᠤ ᠶᠠᠪᠤᠭᠰᠠᠳ ᠳᠠᠯᠠᠢ ᠶᠢᠨ ᠳᠣᠲᠣᠷᠠᠬᠢ ᠪᠦᠭᠦᠳᠡ ᠳᠠᠯᠠᠢ ᠶᠢᠨ ᠬᠥᠪᠡᠭᠡ᠂ ᠲᠡᠨᠳᠡᠬᠢ ᠶᠢᠨ ᠰᠠᠭᠤᠭᠠᠯᠢᠴᠢᠳ ᠡ᠂ ᠶᠣᠬᠣᠸᠠ ᠳᠤ ᠰᠢᠨ᠎ᠡ ᠳᠠᠭᠤᠤ ᠶᠢ ᠳᠠᠭᠤᠯᠠ ᠲᠡᠭᠦᠨ ᠢ ᠳᠡᠯᠡᠬᠡᠢ ᠶᠢᠨ ᠬᠢᠵᠠᠭᠠᠷ ᠠᠴᠠ ᠮᠠᠭᠲᠠ
11 ᠴᠥᠯ ᠬᠢᠭᠡᠳ ᠲᠣᠰᠬᠣᠳ ᠨᠢ ᠺᠧᠳᠠᠷ ᠤᠨ ᠰᠠᠭᠤᠷᠢᠨ ᠨᠤᠭᠤᠳ ᠨᠢ ᠳᠠᠭᠤ ᠪᠠᠨ ᠥᠨᠳᠥᠷᠰᠡᠭᠡᠭ ᠰᠧᠯᠠ ᠶᠢᠨ ᠰᠠᠭᠤᠭᠠᠯᠢᠴᠢᠳ ᠪᠠᠶᠠᠷ ᠲᠠᠢ ᠪᠠᠷ ᠳᠠᠭᠤᠯᠠᠭ᠂ ᠲᠡᠳᠡ ᠠᠭᠤᠯᠠ ᠶᠢᠨ ᠣᠷᠣᠢ ᠠᠴᠠ ᠤᠤᠬᠠᠢᠯᠠᠵᠤ
12 ᠶᠣᠬᠣᠸᠠ ᠳᠤ ᠠᠯᠳᠠᠷ ᠢ ᠡᠷᠭᠦᠨ ᠮᠠᠭᠲᠠᠭᠠᠯ ᠢ ᠨᠢ ᠳᠠᠯᠠᠢ ᠶᠢᠨ ᠬᠥᠪᠡᠭᠡᠨ ᠳᠦ ᠲᠤᠩ᠋ᠬᠠᠭᠯᠠᠬᠤ ᠪᠣᠯᠣᠨ᠎ᠠ᠂
13 ᠶᠣᠬᠣᠸᠠ ᠪᠠᠭᠠᠲᠤᠷ ᠮᠡᠲᠦ ᠤᠷᠤᠭᠰᠢᠯᠠᠵᠤ ᠪᠠᠢᠯᠳᠤᠭᠴᠢ ᠮᠡᠲᠦ ᠬᠠᠯᠠᠭᠤᠨ ᠰᠡᠳᠬᠢᠯ ᠨᠢ ᠣᠷᠭᠢᠯᠵᠤ ᠤᠤᠬᠠᠢᠯᠠᠨ ᠬᠠᠰᠬᠢᠷᠴᠤ ᠳᠠᠢᠰᠤᠨ ᠢᠶᠠᠨ ᠳᠠᠷᠤᠨ᠎ᠠ᠃
14 《ᠪᠢ ᠤᠳᠠᠭᠠᠨ ᠬᠤᠭᠤᠴᠠᠭ᠎ᠠ ᠳᠠᠭᠤ ᠪᠠᠨ ᠬᠤᠷᠢᠶᠠᠵᠤ᠂ ᠪᠡᠶ᠎ᠡ ᠪᠡᠨ ᠪᠠᠷᠢᠯ᠎ᠠ ᠣᠳᠣ ᠪᠢ ᠨᠢᠷᠠᠢᠯᠠᠵᠤ ᠪᠠᠢᠭ᠎ᠠ ᠡᠮᠡᠭᠲᠡᠢ ᠮᠡᠲᠦ ᠬᠠᠰᠬᠢᠷᠤᠨ᠎ᠠ ᠠᠮᠢᠰᠬᠤᠭ᠎ᠠ ᠳᠠᠪᠬᠤᠴᠠᠨ ᠪᠠᠬᠠᠷᠳᠠᠬᠤ ᠪᠣᠯᠣᠨ᠎ᠠ᠃
15 ᠠᠭᠤᠯᠠ ᠲᠣᠯᠣᠭᠠᠳ ᠢ ᠬᠤᠪᠠᠬᠠᠢᠷᠠᠭᠤᠯᠤᠨ ᠡᠪᠡᠰᠦ ᠨᠣᠭᠣᠭ᠎ᠠ ᠶᠢ ᠬᠠᠲᠠᠭᠠᠵᠤ ᠭᠣᠣᠯ ᠮᠥᠷᠡᠨ ᠢ ᠡᠷᠭᠢ ᠪᠣᠯᠭᠠᠵᠤ ᠴᠥᠭᠥᠷᠥᠮ ᠤᠳ ᠢ ᠰᠢᠷᠭᠢᠭᠡᠨ᠎ᠡ᠃
16 ᠪᠢ ᠰᠣᠬᠣᠷ ᠤᠳ ᠢ ᠲᠡᠳᠡᠨ ᠦ ᠮᠡᠳᠡᠳᠡᠭ ᠦᠭᠡᠢ ᠵᠠᠮ ᠢᠶᠠᠷ ᠠᠯᠬᠤᠭᠤᠯᠵᠤ ᠲᠡᠳᠡᠨ ᠦ ᠮᠡᠳᠡᠬᠦ ᠦᠭᠡᠢ ᠬᠠᠷᠭᠤᠢ ᠪᠠᠷ ᠬᠥᠲᠥᠯᠥᠨ᠎ᠡ ᠲᠡᠳᠡᠨ ᠦ ᠡᠮᠦᠨ᠎ᠡ ᠬᠠᠷᠠᠩ᠋ᠭᠤᠢ ᠶᠢ ᠭᠡᠷᠡᠯ ᠪᠣᠯᠭᠠᠨ ᠪᠠᠷᠲᠠᠭ᠎ᠠ ᠲᠠᠢ ᠶᠢ ᠨᠢ ᠲᠡᠭᠰᠢᠯᠡᠨ᠎ᠡ ᠲᠡᠳᠡᠨ ᠦ ᠲᠥᠯᠥᠭᠡ ᠪᠢ ᠡᠳᠡᠭᠡᠷ ᠢ ᠦᠢᠯᠡᠳᠬᠦ ᠪᠥᠭᠡᠳ ᠲᠡᠳᠡᠨ ᠢ ᠣᠷᠬᠢᠬᠤ ᠦᠭᠡᠢ᠃
17 ᠬᠠᠷᠢᠨ ᠰᠢᠲᠦᠭᠡᠨ ᠳᠦ ᠢᠲᠡᠭᠡᠭᠴᠢᠳ ᠬᠥᠷᠥᠭ ᠤᠳ ᠲᠤ᠄ 〈ᠪᠢᠳᠡᠨ ᠦ ᠪᠤᠷᠬᠠᠳ〉 ᠭᠡᠭᠴᠢᠳ ᠭᠣᠯᠣᠭᠳᠠᠵᠤ᠂ ᠶᠡᠬᠡᠳᠡ ᠭᠤᠲᠤᠮᠰᠢᠭ ᠲᠠᠢ ᠪᠣᠯᠣᠨ᠎ᠠ᠃
ᠤᠬᠠᠭᠠᠨ ᠦᠭᠡᠢ ᠠᠷᠠᠳ ᠲᠦᠮᠡᠨ
18 ᠳᠦᠯᠡᠢ ᠬᠥᠮᠦᠰ ᠡ᠂ ᠰᠣᠨᠣᠰ︕ ᠰᠣᠬᠣᠷ ᠬᠥᠮᠦᠰ ᠡ᠂ ᠠᠩ᠋ᠬᠠᠷᠤᠨ ᠬᠠᠷ᠎ᠠ︕
19 ᠮᠢᠨᠦ ᠵᠠᠷᠤᠴᠠ ᠰᠢᠭ᠋ ᠰᠣᠬᠣᠷ᠂ ᠮᠢᠨᠦ ᠢᠯᠡᠭᠡᠭᠰᠡᠨ ᠡᠯᠴᠢ ᠰᠢᠭ ᠳᠦᠯᠡᠢ ᠨᠢ ᠬᠡᠨ ᠪᠤᠢ︖ ᠭᠡᠷ᠎ᠡ ᠶᠢᠨ ᠮᠢᠨᠢ ᠬᠠᠮᠲᠤᠷᠠᠭᠴᠢ ᠰᠢᠭ᠋ ᠰᠣᠬᠣᠷ᠂ ᠶᠣᠬᠣᠸᠠ ᠶᠢᠨ ᠵᠠᠷᠤᠴᠠ ᠰᠢᠭ᠋ ᠰᠣᠬᠣᠷ ᠨᠢ ᠬᠡᠨ ᠪᠤᠢ︖
20 ᠴᠢ ᠠᠯᠢᠪᠠ ᠶᠢ ᠬᠠᠷᠠᠳᠠᠭ ᠪᠣᠯᠪᠠᠴᠤ ᠠᠩᠵᠠᠭᠠᠷᠠᠳᠠᠭ ᠦᠭᠡᠢ ᠴᠢᠬᠢ ᠴᠢᠨᠢ ᠨᠡᠭᠡᠭᠡᠯᠲᠡ ᠲᠠᠢ ᠪᠠᠢᠪᠠᠴᠤ ᠰᠣᠨᠣᠰᠳᠠᠭ ᠦᠭᠡᠢ᠃
21 ᠥᠪᠡᠷ ᠦᠨ ᠢᠶᠠᠨ ᠵᠥᠪ ᠦᠨ ᠲᠤᠯᠠᠳᠠ ᠬᠠᠤᠯᠢ ᠪᠠᠨ ᠠᠭᠤᠤ ᠪᠥᠭᠡᠳ ᠠᠯᠳᠠᠷ ᠲᠠᠢ ᠪᠣᠯᠭᠠᠬᠤ ᠨᠢ ᠶᠣᠬᠣᠸᠠ ᠳᠤ ᠲᠠᠭᠠᠯᠠᠮᠵᠢᠲᠠᠢ᠂
22 ᠬᠠᠷᠢᠨ ᠡᠨᠡ ᠠᠷᠠᠳ ᠲᠦᠮᠡᠨ ᠲᠣᠨᠣᠭᠤᠯᠵᠤ᠂ ᠳᠡᠭᠡᠷᠡᠮᠳᠡᠭᠦᠯᠵᠦ ᠪᠠᠢᠨ᠎ᠠ ᠲᠡᠳᠡ ᠪᠦᠭᠦᠳᠡ ᠨᠦᠬᠡᠨ ᠳᠦ ᠬᠣᠷᠢᠭᠳᠠᠵᠤ᠂ ᠭᠢᠨᠳᠠᠨ ᠳᠤ ᠳᠠᠯᠳᠠᠯᠠᠭᠤᠯᠵᠠᠢ ᠲᠡᠳᠡ ᠲᠣᠨᠣᠭᠤᠯᠤᠭᠰᠠᠨ᠂ ᠴᠢᠯᠥᠭᠡᠯᠡᠭᠴᠢ ᠠᠯᠠᠭ᠎ᠠ ᠲᠡᠳᠡ ᠳᠡᠭᠡᠷᠡᠮᠳᠡᠭᠦᠯᠦᠭᠰᠡᠨ᠂ 〈ᠪᠤᠴᠠᠭᠠᠵᠤ ᠥᠭ〉 ᠭᠡᠭᠴᠢ ᠨᠢ ᠠᠯᠠᠭ᠎ᠠ᠃》
23 ᠲᠠ ᠨᠠᠷ ᠤᠨ ᠬᠡᠨ ᠨᠢ ᠡᠭᠦᠨ ᠳᠦ ᠴᠢᠬᠢ ᠲᠠᠯᠪᠢᠬᠤ ᠪᠤᠢ︖ ᠬᠡᠨ ᠢᠷᠡᠭᠡᠳᠦᠢ ᠶᠢᠨ ᠲᠤᠬᠠᠢ ᠠᠩ᠋ᠬᠠᠷᠤᠯ ᠲᠠᠯᠪᠢᠵᠤ᠂ ᠰᠣᠨᠣᠰᠬᠤ ᠶᠤᠮ ᠪᠤᠢ︖
24 ᠶᠠᠺᠣᠪ ᠢ ᠳᠡᠭᠡᠷᠡᠮᠳᠡᠭᠴᠢᠳ᠂ ᠢᠰᠷᠧᠯ ᠢ ᠲᠣᠨᠣᠭᠴᠢᠳ ᠲᠤ ᠬᠡᠨ ᠲᠤᠰᠢᠶᠠᠭᠰᠠᠨ ᠪᠤᠢ︖ ᠶᠣᠬᠣᠸᠠ ᠪᠢᠰᠢ ᠤᠤ︖ ᠪᠢᠳᠡ ᠲᠡᠭᠦᠨ ᠳᠦ ᠨᠢᠭᠦᠯ ᠦᠢᠯᠡᠳᠦᠭᠰᠡᠨ ᠠᠷᠠᠳ ᠲᠦᠮᠡᠨ ᠲᠡᠭᠦᠨ ᠦ ᠵᠠᠮ ᠢᠶᠠᠷ ᠶᠠᠪᠤᠬᠤ ᠶᠢ ᠬᠦᠰᠡᠭᠰᠡᠨ ᠦᠭᠡᠢ ᠲᠡᠭᠦᠨ ᠦ ᠬᠠᠤᠯᠢ ᠶᠢ ᠴᠤ ᠳᠠᠭᠠᠭᠰᠠᠨ ᠦᠭᠡᠢ᠃
25 ᠲᠡᠢᠮᠦ ᠡᠴᠡ ᠶᠣᠬᠣᠸᠠ ᠲᠡᠳᠡᠨ ᠦ ᠳᠡᠭᠡᠷ᠎ᠡ ᠥᠪᠡᠷ ᠦᠨ ᠢᠶᠠᠨ ᠰᠢᠷᠦᠭᠦᠨ ᠬᠢᠯᠢᠩ ᠪᠠ ᠠᠶᠤᠮᠰᠢᠭᠲᠤ ᠳᠠᠢᠨ ᠢ ᠠᠰᠬᠠᠪᠠ ᠳᠠᠢᠨ ᠡᠷᠭᠢᠨ ᠲᠣᠭᠣᠷᠢᠨ ᠢ ᠨᠢ ᠭᠠᠯᠳᠠᠭᠰᠠᠨ ᠪᠣᠯᠪᠠᠴᠤ ᠲᠡᠳᠡ ᠮᠡᠳᠡᠭᠰᠡᠨ ᠦᠭᠡᠢ ᠲᠡᠳᠡᠨ ᠢ ᠰᠢᠲᠠᠭᠠᠭᠰᠠᠨ ᠪᠣᠯᠪᠠᠴᠤ ᠲᠡᠳᠡ ᠰᠠᠨᠠᠭᠠᠨ ᠳᠠᠭᠠᠨ ᠠᠪᠤᠭᠰᠠᠨ ᠦᠭᠡᠢ᠃