ᠢᠰᠠᠢᠶ᠎ᠠ ᠲᠠᠪᠢᠨ ᠨᠢᠭᠡ
ᠠᠪᠤᠷᠠᠯ ᠤᠨ ᠠᠮᠠᠯᠠᠯᠲᠠ
1 《ᠮᠢᠨᠦᠬᠢ ᠶᠢ ᠰᠣᠨᠣᠰ᠂ ᠵᠥᠪ ᠢ ᠬᠥᠭᠡᠭᠡᠴᠡᠯᠳᠦᠨ ᠶᠣᠬᠣᠸᠠ ᠶᠢ ᠬᠠᠢᠭᠴᠢᠳ ᠡ᠂ ᠲᠠ ᠨᠠᠷ ᠢ ᠭᠠᠷᠭᠠᠬᠤ ᠭᠡᠵᠦ ᠴᠠᠪᠴᠢᠭᠤᠯᠤᠭᠰᠠᠨ ᠬᠠᠳᠠ ᠪᠠᠨ ᠰᠠᠨᠠ ᠲᠠ ᠨᠠᠷ ᠢ ᠭᠠᠷᠭᠠᠬᠤ ᠭᠡᠵᠦ ᠤᠬᠤᠭᠤᠯᠤᠭᠰᠠᠨ ᠨᠦᠬᠡ ᠪᠡᠨ ᠰᠠᠨᠠ
2 ᠮᠥᠨ ᠡᠪᠦᠭᠡ ᠠᠪᠷᠠᠬᠠᠮ ᠢᠶᠠᠨ᠂ ᠪᠠᠰᠠ ᠥᠪᠡᠷᠰᠡᠳ ᠢ ᠴᠢᠨᠢ ᠲᠥᠷᠥᠭᠦᠯᠦᠭᠰᠡᠨ ᠰᠠᠷᠠᠾ ᠢ ᠰᠠᠨᠠ ᠪᠢ ᠲᠡᠭᠦᠨ ᠢ ᠭᠠᠭᠴᠠᠭᠠᠷ ᠢᠶᠠᠨ ᠪᠠᠢᠬᠤ ᠳᠤᠨᠢ ᠳᠠᠭᠤᠳᠠᠭᠠᠳ᠂ ᠢᠪᠡᠭᠡᠵᠦ᠂ ᠥᠨᠢᠷ ᠥᠳᠬᠡᠨ ᠪᠣᠯᠭᠠᠭᠰᠠᠨ ᠶᠤᠮ᠃
3 ᠲᠡᠢᠨ ᠬᠦ ᠶᠣᠬᠣᠸᠠ ᠽᠢᠶᠣᠨ ᠢ ᠲᠠᠢᠪᠤᠰᠢᠷᠠᠭᠤᠯᠤᠨᠠ᠂ ᠬᠣᠭᠣᠰᠣᠷᠠᠭᠰᠠᠨ ᠭᠠᠵᠠᠷ ᠪᠣᠯᠭᠠᠨ ᠢ ᠨᠢ ᠲᠠᠢᠪᠤᠰᠢᠷᠠᠭᠤᠯᠵᠤ ᠵᠡᠯᠢᠭᠦᠳ ᠲᠠᠯ᠎ᠠ ᠶᠢ ᠨᠢ ᠡᠳᠧᠨ ᠰᠢᠭ ᠴᠥᠯ ᠢ ᠨᠢ ᠶᠣᠬᠣᠸᠠ ᠶᠢᠨ ᠴᠡᠴᠡᠷᠯᠢᠭ ᠮᠡᠲᠦ ᠪᠣᠯᠭᠠᠨ᠎ᠠ᠂ ᠲᠡᠨᠳᠡ ᠪᠠᠶᠠᠷ ᠪᠠᠶᠠᠰᠬᠤᠯᠠᠩ ᠪᠠ ᠲᠠᠯᠠᠷᠬᠠᠯ ᠤᠨ ᠠᠶ᠎ᠠ ᠳᠠᠭᠤᠤ ᠪᠠᠢᠬᠤ ᠪᠣᠯᠣᠨ᠎ᠠ᠃
4 ᠨᠠᠳᠠ ᠤᠷᠤᠭᠤ ᠠᠩ᠋ᠬᠠᠷ᠂ ᠠᠷᠠᠳ ᠲᠦᠮᠡᠨ ᠮᠢᠨᠢ᠂ ᠨᠠᠳᠠ ᠤᠷᠤᠭᠤ ᠴᠢᠬᠢ ᠲᠠᠯᠪᠢ᠂ ᠦᠨᠳᠦᠰᠦᠲᠡᠨ ᠮᠢᠨᠢ᠂ ᠨᠠᠳᠠ ᠠᠴᠠ ᠰᠤᠷᠭᠠᠯ ᠭᠠᠷᠤᠨ᠎ᠠ ᠪᠢ ᠰᠢᠳᠤᠷᠭᠤ ᠶᠣᠰᠣ ᠪᠠᠨ ᠦᠨᠳᠦᠰᠦᠲᠡᠨ ᠨᠦᠭᠦᠳ ᠦᠨ ᠭᠡᠷᠡᠯ ᠪᠣᠯᠭᠠᠵᠤ ᠲᠣᠭᠲᠠᠭᠠᠨ᠎ᠠ᠃
5 ᠵᠥᠪ ᠮᠢᠨᠢ ᠣᠢᠷ᠎ᠠ ᠠᠪᠤᠷᠠᠯ ᠮᠢᠨᠢ ᠭᠠᠷᠤᠯ᠎ᠠ ᠮᠤᠲᠤᠷ ᠮᠢᠨᠢ ᠦᠨᠳᠦᠰᠦᠲᠡᠨ ᠨᠦᠭᠦᠳ ᠢ ᠰᠢᠭᠦᠨ᠎ᠡ ᠠᠷᠠᠯ ᠤᠳ ᠨᠠᠳᠠ ᠤᠷᠤᠭᠤ ᠲᠡᠮᠡᠦᠯᠦᠨ ᠮᠤᠲᠤᠷ ᠲᠤ ᠮᠢᠨᠢ ᠨᠠᠢᠳᠠᠨ᠎ᠠ᠃
6 ᠲᠠ ᠨᠠᠷ ᠲᠩᠷᠢ ᠥᠭᠡᠳᠡ ᠨᠢᠳᠦ ᠪᠡᠨ ᠡᠷᠭᠦᠨ ᠳᠣᠭᠣᠭᠰᠢ ᠪᠠᠨ ᠭᠠᠵᠠᠷ ᠤᠷᠤᠭᠤ ᠬᠠᠷ᠎ᠠ ᠲᠩᠷᠢ ᠤᠲᠤᠭ᠎ᠠ ᠮᠡᠲᠦ ᠠᠷᠢᠯᠵᠤ ᠭᠠᠵᠠᠷ ᠬᠤᠪᠴᠠᠰᠤ ᠮᠡᠲᠦ ᠡᠯᠡᠭᠳᠡᠨ ᠰᠠᠭᠤᠭᠠᠯᠢᠴᠢᠳ ᠨᠢ ᠰᠢᠮᠠᠭᠤᠯ ᠮᠡᠲᠦ ᠦᠬᠦᠵᠡᠭᠡᠨᠡ᠂ ᠬᠠᠷᠢᠨ ᠵᠥᠪ ᠮᠢᠨᠢ ᠮᠥᠬᠥᠬᠦ ᠦᠭᠡᠢ ᠠᠪᠤᠷᠠᠯ ᠮᠢᠨᠢ ᠮᠥᠩᠬᠡᠳᠡ᠃
7 ᠮᠢᠨᠦᠬᠢ ᠶᠢ ᠰᠣᠨᠣᠰ᠂ ᠵᠥᠪ ᠢ ᠮᠡᠳᠡᠳᠡᠭ᠂ ᠵᠢᠷᠦᠬᠡᠨ ᠳᠦᠨᠢ ᠰᠤᠷᠭᠠᠯ ᠮᠢᠨᠢ ᠪᠠᠢᠳᠠᠭ ᠠᠷᠠᠳ ᠲᠦᠮᠡᠨ ᠡ ᠬᠥᠮᠦᠨ ᠦ ᠳᠣᠷᠣᠮᠵᠢᠯᠠᠯ ᠠᠴᠠ ᠪᠦᠦ ᠠᠶᠤ ᠭᠦᠳᠬᠡᠯ ᠡᠴᠡ ᠨᠢ ᠪᠦᠦ ᠰᠦᠷᠳᠡ᠃
8 ᠬᠦᠷᠢᠳ ᠬᠣᠷᠣᠬᠠᠢ ᠲᠡᠳᠡᠨ ᠢ ᠬᠤᠪᠴᠠᠰᠤ ᠢᠳᠡᠬᠦ ᠮᠡᠲᠦ ᠢᠳᠡᠵᠦ ᠥᠲᠥ ᠬᠣᠷᠣᠬᠠᠢ ᠲᠡᠳᠡᠨ ᠢ ᠨᠣᠣᠰᠣ ᠢᠳᠡᠬᠦ ᠮᠡᠲᠦ ᠢᠳᠡᠨ᠎ᠡ ᠬᠠᠷᠢᠨ ᠵᠥᠪ ᠮᠢᠨᠢ ᠮᠥᠩᠬᠡᠳᠡ ᠠᠪᠤᠷᠠᠯ ᠮᠢᠨᠢ ᠦᠶ᠎ᠡ ᠶᠢᠨ ᠦᠶ᠎ᠡ ᠳᠦ ᠣᠷᠣᠰᠢᠨ᠎ᠠ᠃》
9 ᠶᠣᠬᠣᠸᠠ ᠶᠢᠨ ᠮᠤᠲᠤᠷ ᠡ᠂ ᠰᠡᠷᠢᠭᠡᠴᠢ᠂ ᠰᠡᠷᠢᠭᠡᠴᠢ︕ ᠰᠦᠷ ᠬᠦᠴᠦ ᠪᠡᠨ ᠨᠥᠮᠥᠷᠥᠭᠡᠴᠢ ᠥᠨᠢ ᠡᠷᠲᠡᠨ ᠦ ᠦᠶ᠎ᠡ᠂ ᠥᠩᠭᠡᠷᠡᠭᠰᠡᠨ ᠡᠳᠦᠷ ᠤᠳ ᠤᠨ ᠬᠢ ᠰᠢᠭ ᠢᠶᠠᠨ ᠰᠡᠷᠢᠭᠡᠴᠢ ᠷᠠᠬᠠᠪ 20 ᠢ ᠴᠠᠪᠴᠢᠵᠤ᠂ ᠯᠤᠤ ᠶᠢ ᠴᠣᠭᠣ ᠬᠠᠳᠬᠤᠭᠰᠠᠨ ᠨᠢ ᠲᠠ ᠪᠢᠰᠢ ᠤᠤ︖
10 ᠳᠠᠯᠠᠢ ᠶᠢᠨ ᠦᠯᠡᠮᠵᠢ ᠭᠦᠨ ᠤᠰᠤ ᠶᠢ ᠰᠢᠷᠭᠢᠭᠡᠨ ᠳᠠᠯᠠᠢ ᠶᠢᠨ ᠭᠦᠨ ᠳᠦ ᠵᠠᠮ ᠲᠠᠯᠪᠢᠵᠤ ᠵᠣᠯᠢᠭᠳᠠᠭᠰᠠᠳ ᠢᠶᠠᠨ ᠭᠠᠲᠤᠯᠤᠭᠤᠯᠤᠭᠰᠠᠨ ᠨᠢ ᠲᠠ ᠪᠢᠰᠢ ᠤᠤ︖
11 ᠶᠣᠬᠣᠸᠠ ᠶᠢᠨ ᠵᠣᠯᠢᠨ ᠠᠪᠤᠭᠰᠠᠳ ᠡᠷᠭᠢᠵᠦ ᠽᠢᠶᠣᠨ ᠤᠷᠤᠭᠤ ᠳᠠᠭᠤᠤ ᠳᠠᠭᠤᠯᠠᠨ ᠢᠷᠡᠨ᠎ᠡ ᠲᠣᠯᠣᠭᠠᠢ ᠳᠡᠭᠡᠷ᠎ᠡ ᠨᠢ ᠮᠥᠩᠬᠡ ᠶᠢᠨ ᠪᠠᠶᠠᠰᠬᠤᠯᠠᠩ ᠪᠠᠢᠨ᠎ᠠ ᠪᠠᠶᠠᠷ ᠬᠥᠷ ᠲᠡᠳᠡᠨ ᠢ ᠨᠥᠮᠥᠷᠴᠦ᠂ ᠭᠤᠨᠢᠭ ᠭᠠᠰᠠᠯᠠᠩ ᠨᠢ ᠳᠠᠯᠳᠠ ᠣᠷᠣᠨ᠎ᠠ᠃
12 《ᠪᠢ᠂ ᠪᠢ ᠯᠠ ᠲᠠ ᠨᠠᠷ ᠤᠨ ᠲᠠᠢᠪᠤᠰᠢᠷᠠᠭᠤᠯᠤᠭᠴᠢ ᠪᠠᠢᠬᠤ ᠳᠤ ᠴᠢ ᠶᠠᠭᠤᠨ ᠳᠤ ᠦᠬᠦᠳᠡᠭ ᠬᠥᠮᠦᠨ ᠡᠴᠡ᠂ ᠡᠪᠡᠰᠦ ᠪᠣᠯᠳᠠᠭ ᠬᠥᠮᠦᠨ ᠦ ᠦᠷ᠎ᠡ ᠡᠴᠡ ᠠᠶᠤᠳᠠᠭ ᠶᠤᠮ ᠪᠤᠢ︖
13 ᠲᠩᠷᠢ ᠶᠢ ᠳᠡᠯᠭᠡᠵᠦ᠂ ᠭᠠᠵᠠᠷ ᠤᠨ ᠰᠠᠭᠤᠷᠢ ᠶᠢ ᠲᠠᠯᠪᠢᠭᠰᠠᠨ ᠪᠦᠲᠦᠭᠡᠭᠴᠢ ᠶᠣᠬᠣᠸᠠ ᠪᠠᠨ ᠴᠢ ᠮᠠᠷᠲᠠᠵᠠᠢ᠂ ᠤᠰᠠᠳᠬᠠᠬᠤ ᠭᠡᠵᠦ ᠪᠠᠢᠭ᠎ᠠ ᠳᠠᠷᠤᠯᠠᠭᠴᠢ ᠶᠢᠨ ᠢᠶᠠᠨ ᠠᠭᠤᠷᠯᠠᠬᠤ ᠠᠴᠠ ᠴᠢ ᠡᠳᠦᠷᠵᠢᠨ᠂ ᠦᠷᠭᠦᠯᠵᠢ ᠠᠶᠤᠳᠠᠭ᠂ ᠭᠡᠪᠡᠴᠦ ᠳᠠᠷᠤᠯᠠᠭᠴᠢ ᠶᠢᠨ ᠠᠭᠤᠷ ᠬᠠᠮᠢᠭ᠎ᠠ ᠪᠠᠢᠨ᠎ᠠ︖
14 ᠣᠯᠵᠠᠯᠠᠭᠳᠠᠭᠰᠠᠳ ᠤᠳᠠᠬᠤ ᠦᠭᠡᠢ ᠰᠤᠯᠠᠯᠠᠭᠳᠠᠨᠠ ᠲᠡᠳᠡ ᠨᠦᠬᠡᠨ ᠳᠦ ᠣᠷᠣᠬᠤ ᠦᠭᠡᠢ ᠬᠦᠨᠡᠰᠦ ᠨᠢ ᠳᠤᠲᠠᠬᠤ ᠦᠭᠡᠢ᠃
15 ᠴᠢᠨᠦ ᠪᠤᠷᠬᠠᠨ ᠪᠣᠯ ᠠᠤᠭ᠎ᠠ ᠬᠦᠴᠦᠲᠦ ᠶᠣᠬᠣᠸᠠ ᠭᠡᠭᠳᠡᠳᠡᠭ᠂ ᠳᠠᠪᠠᠯᠭᠠᠨ ᠲᠠᠢ ᠳᠠᠯᠠᠢ ᠶᠢ ᠬᠤᠪᠢᠶᠠᠭᠰᠠᠨ ᠶᠣᠬᠣᠸᠠ ᠪᠢ ᠶᠤᠮ᠃
16 ᠪᠢ ᠠᠮᠠᠨ ᠳᠤ ᠴᠢᠨᠢ ᠦᠭᠡ ᠪᠡᠨ ᠲᠠᠯᠪᠢᠵᠤ᠂ ᠮᠤᠲᠤᠷ ᠤᠨ ᠢᠶᠠᠨ ᠰᠡᠭᠦᠳᠡᠷ ᠢᠶᠡᠷ ᠴᠢᠮ᠎ᠠ ᠶᠢ ᠳᠠᠯᠳᠠᠯᠠᠭᠰᠠᠨ ᠲᠡᠢᠨ ᠬᠦ ᠪᠢ ᠲᠩᠷᠢ ᠶᠢ ᠲᠣᠭᠲᠠᠭᠠᠵᠤ᠂ ᠭᠠᠵᠠᠷ ᠤᠨ ᠰᠠᠭᠤᠷᠢ ᠶᠢ ᠲᠠᠯᠪᠢᠨ᠂ ᠽᠢᠶᠣᠨ ᠳᠤ᠄ 〈ᠴᠢ ᠪᠣᠯ ᠮᠢᠨᠦ ᠠᠷᠠᠳ ᠲᠦᠮᠡᠨ〉 ᠭᠡᠵᠦ ᠬᠡᠯᠡᠨ᠎ᠡ᠃
17 ᠶᠣᠬᠣᠸᠠ ᠶᠢᠨ ᠮᠤᠲᠤᠷ ᠳᠠᠬᠢ ᠬᠢᠯᠢᠩ ᠤᠨ ᠠᠶᠠᠭᠠᠨ ᠠᠴᠠ ᠤᠤᠭᠤᠭᠰᠠᠨ ᠭᠤᠢᠪᠢᠭᠤᠯᠳᠠᠭ ᠠᠶᠠᠭᠠᠨ ᠠᠴᠠ ᠰᠢᠪᠬᠠᠷᠤᠤ ᠶᠢ ᠨᠢ ᠬᠦᠷᠲᠡᠯ᠎ᠡ ᠰᠢᠷᠭᠢᠲᠡᠯ᠎ᠡ ᠤᠤᠭᠤᠭᠰᠠᠨ ᠶᠧᠷᠦ᠋ᠰᠠᠯᠧᠮ ᠡ ᠰᠡᠷᠢ᠂ ᠰᠡᠷᠢ᠂ ᠪᠣᠰ᠂
18 ᠲᠥᠷᠥᠭᠦᠯᠦᠭᠰᠡᠨ ᠬᠠᠮᠤᠭ ᠬᠥᠪᠡᠭᠦᠨ ᠦ ᠬᠢᠨᠢ ᠳᠤᠮᠳᠠ ᠥᠪᠡᠷ ᠢ ᠨᠢ ᠬᠥᠲᠥᠯᠦᠭᠴᠢ ᠠᠯᠠᠭ᠎ᠠ ᠥᠰᠭᠡᠭᠰᠡᠨ ᠬᠠᠮᠤᠭ ᠬᠥᠪᠡᠭᠦᠨ ᠦ ᠬᠢᠨᠢ ᠳᠤᠮᠳᠠ ᠭᠠᠷ ᠠᠴᠠ ᠨᠢ ᠠᠳᠬᠤᠭᠴᠢ ᠠᠯᠠᠭ᠎ᠠ ᠪᠠᠢᠭᠰᠠᠨ ᠠᠵᠢ᠃
19 ᠴᠢᠮ᠎ᠠ ᠳᠤ ᠬᠣᠶᠠᠷ ᠭᠠᠢ ᠲᠣᠬᠢᠶᠠᠯᠳᠤᠭᠰᠠᠨ ᠴᠢᠨᠦ ᠲᠥᠯᠥᠭᠡ ᠬᠡᠨ ᠭᠠᠰᠢᠭᠤᠳᠠᠬᠤ ᠪᠤᠢ︖ ᠦᠭᠡᠶᠢᠷᠡᠯ ᠪᠠ ᠰᠦᠢᠷᠡᠯ᠂ ᠥᠯᠥᠰᠬᠥᠯᠡᠩ ᠪᠠ ᠢᠯᠳᠦ ᠪᠠᠢᠨ᠎ᠠ ᠬᠡᠨ ᠴᠢᠮᠠᠶᠢ ᠲᠠᠢᠪᠤᠰᠢᠷᠠᠭᠤᠯᠬᠤ ᠪᠤᠢ︖
20 ᠬᠡᠦᠬᠡᠳ ᠤᠳ ᠴᠢᠨᠢ ᠰᠤᠯᠠᠳᠠᠵᠠᠢ ᠭᠤᠳᠤᠮᠵᠢ ᠪᠦᠷᠢ ᠶᠢᠨ ᠡᠬᠢᠨ ᠳᠤ ᠲᠣᠣᠷ ᠲᠤ ᠣᠷᠣᠭᠰᠠᠨ ᠭᠥᠷᠥᠭᠡᠰᠦ ᠰᠢᠭ ᠬᠡᠪᠲᠡᠪᠡ ᠶᠣᠬᠣᠸᠠ ᠶᠢᠨ ᠬᠢᠯᠢᠩ᠂ ᠴᠢᠨᠦ ᠪᠤᠷᠬᠠᠨ ᠤ ᠭᠡᠰᠬᠡᠯᠲᠡ ᠳᠦᠭᠦᠷᠡᠩ ᠪᠠᠢᠨ᠎ᠠ᠃
21 ᠬᠠᠷᠢᠨ ᠣᠳᠣ ᠡᠭᠦᠨ ᠢ ᠰᠣᠨᠣᠰ ᠳᠠᠷᠠᠰᠤ ᠤᠤᠭᠤᠭ᠎ᠠ ᠦᠭᠡᠢ᠂ ᠵᠣᠪᠠᠯᠠᠩ ᠢᠶᠠᠷ ᠰᠣᠭᠲᠣᠭᠰᠠᠨ ᠴᠢ᠂
22 ᠴᠢᠨᠦ ᠡᠵᠡᠨ ᠶᠣᠬᠣᠸᠠ᠂ ᠠᠷᠠᠳ ᠲᠦᠮᠡᠨ ᠢᠶᠡᠨ ᠥᠮᠥᠭᠯᠡᠭᠴᠢ ᠪᠤᠷᠬᠠᠨ ᠴᠢᠨᠢ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠭᠠᠷ ᠠᠴᠠ ᠴᠢᠨᠢ ᠭᠤᠢᠪᠢᠭᠤᠯᠳᠠᠭ ᠠᠶᠠᠭ᠎ᠠ ᠶᠢ ᠠᠪᠤᠯ᠎ᠠ ᠮᠢᠨᠦ ᠬᠢᠯᠢᠩ ᠤᠨ ᠠᠶᠠᠭᠠᠨ ᠠᠴᠠ ᠴᠢ ᠳᠠᠬᠢᠭᠠᠳ ᠤᠤᠭᠤᠬᠤ ᠦᠭᠡᠢ᠃
23 ᠲᠡᠷᠡ ᠠᠶᠠᠭ᠎ᠠ ᠶᠢ ᠪᠢ ᠴᠢᠮᠠᠶᠢ ᠵᠣᠪᠠᠭᠠᠭᠴᠢᠳ ᠤᠨ ᠭᠠᠷ ᠳᠡᠭᠡᠷ᠎ᠡ ᠲᠠᠯᠪᠢᠨ᠎ᠠ ᠲᠡᠳᠡ᠄ 〈ᠪᠥᠬᠥᠢ᠂ ᠪᠢᠳᠡ ᠳᠡᠭᠡᠭᠦᠷ ᠴᠢᠨᠢ ᠥᠩᠭᠡᠷᠡᠨ᠎ᠡ〉 ᠭᠡᠵᠦ ᠪᠠᠢᠭᠰᠠᠨ᠂ ᠳᠡᠭᠡᠭᠦᠷ ᠴᠢᠨᠢ ᠥᠩᠭᠡᠷᠡᠭᠰᠡᠳ ᠦᠨ ᠲᠥᠯᠥᠭᠡ ᠴᠢ ᠨᠢᠷᠤᠭᠤ ᠪᠠᠨ ᠭᠠᠵᠠᠷ ᠮᠡᠲᠦ ᠭᠤᠳᠤᠮᠵᠢ ᠮᠡᠲᠦ ᠪᠣᠯᠭᠠᠵᠠᠢ᠃》