1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠬᠣᠶᠠᠷ
 ᠵᠢᠪᠬᠤᠯᠠᠩᠲᠤ ᠢᠷᠡᠭᠡᠳᠦᠢ

1 ᠶᠦᠳᠠ᠂ ᠶᠧᠷᠦ᠋ᠰᠠᠯᠧᠮ ᠤᠨ ᠲᠠᠯ᠎ᠠ ᠪᠠᠷ ᠠᠮᠣᠽ ᠤᠨ ᠬᠦᠦ ᠢᠰᠠᠢᠶ᠎ᠠ ᠶᠢᠨ ᠦᠵᠡᠭᠰᠡᠨ ᠨᠢ᠄
2 ᠰᠡᠭᠦᠯᠴᠢ ᠶᠢᠨ ᠡᠳᠦᠷ ᠤᠳ ᠲᠤ ᠶᠣᠬᠣᠸᠠ ᠶᠢᠨ ᠥᠷᠭᠥᠭᠡᠨ ᠦ ᠠᠭᠤᠯᠠ ᠠᠭᠤᠯᠠᠰ ᠤᠨ ᠣᠷᠣᠢ ᠳᠤ ᠲᠣᠭᠲᠠᠨ ᠲᠣᠯᠣᠭᠠᠳ ᠤᠨ ᠳᠡᠭᠡᠭᠦᠷ ᠡᠷᠭᠦᠮᠵᠢᠯᠡᠭᠳᠡᠨ᠎ᠡ᠂ ᠦᠨᠳᠦᠰᠦᠲᠡᠨ ᠪᠦᠷᠢ ᠲᠡᠭᠦᠨ ᠤᠷᠤᠭᠤ ᠤᠷᠤᠰᠬᠤ ᠪᠣᠯᠣᠨ᠎ᠠ᠃
3 ᠣᠯᠠᠨ ᠦᠨᠳᠦᠰᠦᠲᠡᠨ᠄ 《ᠵᠠ︕ ᠪᠢᠳᠡ ᠶᠣᠬᠣᠸᠠ ᠶᠢᠨ ᠠᠭᠤᠯᠠ᠂ ᠶᠠᠺᠣᠪ ᠤᠨ ᠪᠤᠷᠬᠠᠨ ᠤ ᠥᠷᠭᠥᠭᠡ ᠥᠭᠡᠳᠡ ᠶᠠᠪᠤᠵᠠᠭᠠᠶ᠎ᠠ ᠲᠡᠷᠡ ᠪᠡᠷ ᠪᠢᠳᠡᠨ ᠳᠦ ᠥᠪᠡᠷ ᠦᠨ ᠢᠶᠠᠨ ᠵᠠᠮ ᠤᠳ ᠢ ᠵᠢᠭᠠᠨ᠎ᠠ ᠪᠢᠳᠡ ᠲᠡᠭᠦᠨ ᠦ ᠵᠠᠮ ᠢᠶᠠᠷ ᠠᠮᠢᠳᠤᠷᠠᠶ᠎ᠠ》 ᠬᠡᠮᠡᠨ ᠢᠷᠡᠵᠡᠭᠡᠬᠦ ᠪᠣᠯᠣᠨ᠎ᠠ᠃ ᠤᠴᠢᠷ ᠨᠢ ᠽᠢᠶᠣᠨ ᠠᠴᠠ ᠰᠤᠷᠭᠠᠯ ᠶᠧᠷᠦ᠋ᠰᠠᠯᠧᠮ ᠡᠴᠡ ᠶᠣᠬᠣᠸᠠ ᠶᠢᠨ ᠦᠭᠡ ᠭᠠᠷᠤᠨ᠎ᠠ᠃
4 ᠦᠨᠳᠦᠰᠦᠲᠡᠨ ᠨᠦᠭᠦᠳ ᠦᠨ ᠬᠣᠭᠣᠷᠣᠨᠳᠣᠬᠢ ᠶᠢ ᠲᠡᠷᠡ ᠰᠢᠭᠦᠵᠦ ᠣᠯᠠᠨ ᠦᠨᠳᠦᠰᠦᠲᠡᠨ ᠦ ᠲᠠᠯ᠎ᠠ ᠪᠠᠷ ᠴᠤ ᠲᠡᠷᠡ ᠰᠢᠢᠳᠦᠨ᠎ᠡ ᠲᠡᠳᠡ ᠢᠯᠳᠦ ᠪᠡᠨ ᠳᠠᠪᠲᠠᠨ ᠠᠨᠵᠢᠰᠤ᠂ ᠵᠢᠳᠠ ᠪᠠᠨ ᠳᠠᠪᠲᠠᠨ ᠬᠠᠳᠤᠭᠤᠷ ᠪᠣᠯᠭᠠᠨ᠎ᠠ ᠦᠨᠳᠦᠰᠦᠲᠡᠨ ᠦᠨᠳᠦᠰᠦᠲᠡᠨ ᠦ ᠪᠠᠨ ᠡᠰᠡᠷᠭᠦ ᠢᠯᠳᠦ ᠳᠠᠯᠠᠢᠬᠤ ᠦᠭᠡᠢ ᠳᠠᠢᠲᠤᠬᠤ ᠪᠠᠷ ᠳᠠᠬᠢᠨ ᠰᠤᠷᠭᠠᠭᠤᠯᠢᠯ ᠬᠢᠬᠦ ᠦᠭᠡᠢ᠃

5 ᠶᠠᠺᠣᠪ ᠤᠨ ᠭᠡᠷ ᠦᠨ ᠬᠢᠨ ᠡ᠂ ᠢᠷᠡᠵᠡᠭᠡ ᠶᠣᠬᠣᠸᠠ ᠶᠢᠨ ᠭᠡᠷᠡᠯ ᠦᠨ ᠳᠤᠮᠳᠠᠭᠤᠷ ᠠᠯᠬᠤᠵᠠᠭᠠᠶ᠎ᠠ᠃
 ᠢᠴᠢᠭᠦᠷᠢᠲᠦ ᠪᠠᠢᠳᠠᠯ
6 ᠬᠠᠷᠢᠨ ᠲᠡᠳᠡ ᠹᠢᠯᠢᠰᠲ᠋ᠴᠦᠳ ᠲᠡᠢ ᠠᠳᠠᠯᠢ᠂ ᠳᠣᠷᠣᠨ᠎ᠠ ᠶᠢᠨ ᠶᠠᠭᠤᠮᠠᠰ ᠪᠣᠯᠣᠨ ᠲᠥᠯᠭᠡᠴᠢᠳ ᠢᠶᠠᠷ ᠳᠦᠭᠦᠷᠴᠦ ᠬᠠᠷᠢᠴᠤᠳ ᠲᠠᠢ ᠭᠠᠷ ᠨᠡᠢᠯᠡᠵᠡᠢ᠂ ᠲᠡᠢᠮᠦ ᠡᠴᠡ ᠲᠠ ᠥᠪᠡᠷ ᠦᠨ ᠢᠶᠠᠨ ᠠᠷᠠᠳ ᠲᠦᠮᠡᠨ ᠶᠠᠺᠣᠪ ᠤᠨ ᠭᠡᠷ ᠢ ᠬᠠᠶᠠᠵᠠᠢ᠃
7 ᠲᠡᠳᠡᠨ ᠦ ᠨᠤᠲᠤᠭ ᠠᠯᠲᠠ ᠮᠥᠩᠭᠥ ᠪᠡᠷ ᠳᠦᠭᠦᠷᠡᠩ ᠡᠳ᠋ ᠪᠠᠶᠠᠯᠢᠭ ᠨᠢ ᠲᠣᠭ᠎ᠠ ᠲᠣᠮᠰᠢ ᠦᠭᠡᠢ ᠲᠡᠳᠡᠨ ᠦ ᠨᠤᠲᠤᠭ ᠮᠣᠷᠢ ᠪᠠᠷ ᠳᠦᠭᠦᠷᠡᠩ ᠲᠡᠷᠭᠡ ᠨᠦᠭᠦᠳ ᠨᠢ ᠲᠣᠭ᠎ᠠ ᠲᠣᠮᠰᠢ ᠦᠭᠡᠢ
8 ᠲᠡᠳᠡᠨ ᠦ ᠨᠤᠲᠤᠭ ᠮᠥᠨ ᠰᠢᠲᠦᠭᠡᠨ ᠨᠦᠭᠦᠳ ᠢᠶᠡᠷ ᠳᠦᠭᠦᠷᠴᠦ ᠲᠡᠳᠡ ᠬᠤᠷᠤᠭᠤ ᠪᠠᠷ ᠢᠶᠠᠨ ᠬᠢᠭᠰᠡᠨ ᠶᠠᠭᠤᠮ᠎ᠠ᠂ ᠭᠠᠷ ᠤᠨ ᠢᠶᠠᠨ ᠪᠦᠲᠦᠭᠡᠯ ᠳᠦ ᠮᠥᠷᠭᠥᠳᠡᠭ᠃
9 ᠲᠡᠢᠨ ᠬᠦ ᠬᠥᠮᠦᠰ ᠳᠣᠷᠣᠢ ᠪᠣᠯᠵᠤ ᠬᠥᠮᠦᠨ ᠪᠦᠷᠢ ᠥᠪᠡᠷ ᠢ ᠪᠠᠨ ᠳᠣᠣᠷᠠᠳᠤ ᠪᠣᠯᠭᠠᠳᠠᠭ ᠲᠠ ᠲᠡᠳᠡᠨ ᠢ ᠪᠦᠦ ᠥᠷᠥᠰᠢᠶᠡ᠃
10 ᠲᠠ ᠨᠠᠷ ᠬᠠᠳᠠᠨ ᠳᠤ ᠰᠢᠷᠭᠤᠵᠤ ᠰᠢᠷᠣᠢ ᠳᠤ ᠨᠢᠭᠤᠭᠳᠠᠨ ᠶᠣᠬᠣᠸᠠ ᠶᠢᠨ ᠠᠶᠤᠮᠰᠢᠭ᠂ ᠰᠦᠷ ᠵᠢᠪᠬᠤᠯᠠᠩ ᠠᠴᠠ ᠮᠤᠯᠲᠤᠷᠠᠵᠤ ᠦᠵᠡ

11 ᠲᠡᠷᠡ ᠡᠳᠦᠷ ᠳᠡᠭᠡᠷᠡᠩᠭᠦᠢ ᠬᠥᠮᠦᠨ ᠦ ᠬᠠᠷᠠᠴᠠ ᠳᠣᠭᠣᠭᠰᠢᠯᠠᠵᠤ ᠬᠥᠮᠦᠰ ᠦᠨ ᠪᠠᠷᠳᠠᠮᠨᠠᠯ ᠪᠥᠬᠥᠢᠵᠦ ᠭᠠᠭᠴᠠ ᠬᠦ ᠶᠣᠬᠣᠸᠠ ᠳᠡᠭᠡᠳᠦᠯᠡᠭᠳᠡᠨ᠎ᠡ᠃

12 ᠥᠪᠡᠷ ᠢ ᠪᠠᠨ ᠡᠷᠭᠦᠮᠵᠢᠯᠡᠭᠴᠢ ᠪᠦᠭᠦᠳᠡ ᠶᠢ ᠳᠣᠭᠣᠭᠰᠢᠯᠠᠭᠤᠯᠬᠤ ᠪᠠᠷ ᠠᠤᠭ᠎ᠠ ᠬᠦᠴᠦᠲᠦ ᠶᠣᠬᠣᠸᠠ ᠶᠢᠨ ᠡᠳᠦᠷ ᠠᠭᠠᠭ ᠲᠠᠢ ᠪᠠᠷᠳᠠᠮ ᠪᠦᠭᠦᠳᠡ ᠶᠢᠨ ᠳᠡᠭᠡᠷ᠎ᠡ
13 ᠮᠥᠨ ᠯᠧᠪᠠᠨᠣᠨ ᠤ ᠥᠨᠳᠥᠷ ᠬᠤᠱᠢ ᠪᠦᠭᠦᠳᠡ ᠶᠢᠨ ᠳᠡᠭᠡᠷ᠎ᠡ ᠪᠠᠱᠠᠨ ᠤ ᠡᠷᠭᠦᠭᠳᠡᠭᠰᠡᠨ ᠪᠦᠬᠦ ᠴᠠᠷᠠᠰᠤ ᠪᠣᠯᠣᠨ
14 ᠶᠡᠬᠡᠷᠬᠡᠭ ᠠᠭᠤᠯᠠ ᠪᠦᠬᠦᠨ ᠡᠷᠭᠦᠭᠳᠡᠭᠰᠡᠨ ᠲᠣᠯᠣᠭᠠᠳ ᠪᠦᠭᠦᠳᠡ ᠶᠢᠨ ᠳᠡᠭᠡᠷ᠎ᠡ
15 ᠥᠨᠳᠥᠷ ᠴᠠᠮᠬᠠᠭ ᠪᠡᠬᠢᠯᠡᠭᠳᠡᠭᠰᠡᠨ ᠬᠡᠷᠡᠮ ᠪᠦᠭᠦᠳᠡ ᠶᠢᠨ ᠳᠡᠭᠡᠷ᠎ᠡ
16 ᠬᠤᠳᠠᠯᠳᠤᠭᠠᠨ ᠤ ᠣᠩ᠋ᠭᠣᠴᠠ ᠦᠵᠡᠰᠬᠦᠯᠡᠩᠲᠦ ᠤᠷᠠᠯᠠᠯ ᠪᠦᠭᠦᠳᠡ ᠶᠢᠨ ᠳᠡᠭᠡᠷ᠎ᠡ ᠢᠷᠡᠨ᠎ᠡ᠃
17 ᠲᠡᠷᠡ ᠡᠳᠦᠷ ᠬᠥᠮᠦᠨ ᠦ ᠰᠠᠭᠰᠠᠭᠤᠷᠠᠯ ᠪᠥᠬᠥᠢᠵᠦ ᠬᠥᠮᠦᠰ ᠦᠨ ᠪᠠᠷᠳᠠᠮᠨᠠᠯ ᠳᠣᠭᠣᠭᠰᠢᠯᠠᠨ᠎ᠠ ᠭᠠᠭᠴᠠ ᠬᠦ ᠶᠣᠬᠣᠸᠠ ᠳᠡᠭᠡᠳᠦᠯᠡᠭᠳᠡᠨ᠎ᠡ᠂
18 ᠰᠢᠲᠦᠭᠡᠨ ᠨᠦᠭᠦᠳ ᠣᠷᠣ ᠦᠭᠡᠢ ᠠᠯᠠᠭ᠎ᠠ ᠪᠣᠯᠣᠨ᠎ᠠ᠃
19 ᠶᠣᠬᠣᠸᠠ ᠭᠠᠵᠠᠷ ᠢ ᠴᠡᠴᠡᠷᠡᠭᠦᠯᠬᠦ ᠪᠡᠷ ᠪᠣᠰᠬᠤ ᠳᠤ ᠶᠣᠬᠣᠸᠠ ᠶᠢᠨ ᠠᠶᠤᠮᠰᠢᠭ᠂ ᠰᠦᠷ ᠵᠢᠪᠬᠤᠯᠠᠩ ᠠᠴᠠ ᠮᠤᠯᠲᠤᠷᠠᠬᠤ ᠭᠡᠵᠦ ᠬᠥᠮᠦᠰ ᠬᠠᠳᠠᠨ ᠤ ᠠᠭᠤᠢ᠂ ᠬᠠᠪᠴᠢᠯ ᠤᠨ ᠠᠩ ᠤᠷᠤᠭᠤ ᠣᠷᠣᠬᠤ ᠪᠣᠯᠣᠨ᠎ᠠ᠃
20 ᠲᠡᠷᠡ ᠡᠳᠦᠷ ᠬᠥᠮᠦᠰ ᠥᠪᠡᠷᠰᠡᠳ ᠢᠶᠡᠨ ᠮᠥᠷᠭᠥᠬᠦ ᠪᠡᠷ ᠪᠦᠲᠦᠭᠡᠭᠰᠡᠨ ᠮᠥᠩᠭᠥᠨ ᠰᠢᠲᠦᠭᠡᠨ ᠨᠦᠭᠦᠳ᠂ ᠠᠯᠲᠠᠨ ᠰᠢᠲᠦᠭᠡᠨ ᠨᠦᠭᠦᠳ ᠢᠶᠡᠨ ᠰᠣᠬᠣᠷ ᠨᠣᠮᠣᠨ᠂ ᠰᠠᠷᠢᠰᠤᠨ ᠪᠠᠭᠪᠠᠬᠠᠢ ᠨᠤᠭᠤᠳ ᠤᠷᠤᠭᠤ ᠰᠢᠳᠡᠨ᠎ᠡ᠃

21 ᠶᠣᠬᠣᠸᠠ ᠭᠠᠵᠠᠷ ᠢ ᠴᠡᠴᠡᠷᠡᠭᠦᠯᠬᠦ ᠪᠡᠷ ᠪᠣᠰᠬᠤ ᠳᠤ᠂ ᠶᠣᠬᠣᠸᠠ ᠶᠢᠨ ᠠᠶᠤᠮᠰᠢᠭ᠂ ᠰᠦᠷ ᠵᠢᠪᠬᠤᠯᠠᠩ ᠠᠴᠠ ᠮᠤᠯᠲᠤᠷᠠᠬᠤ ᠭᠡᠵᠦ ᠬᠥᠮᠦᠰ ᠬᠠᠳᠠᠨ ᠤ ᠠᠭᠤᠢ᠂ ᠭᠠᠵᠠᠷ ᠤᠨ ᠨᠦᠬᠡ ᠤᠷᠤᠭᠤ ᠣᠷᠣᠬᠤ ᠪᠣᠯᠣᠨ᠎ᠠ᠃
22 ᠲᠠ ᠨᠠᠷ ᠬᠥᠮᠦᠨ ᠳᠦ ᠨᠠᠢᠳᠠᠬᠤ ᠪᠠᠨ ᠪᠣᠯᠢ ᠬᠠᠮᠠᠷ ᠤᠨ ᠠᠮᠢᠰᠬᠤᠯ ᠲᠠᠢ ᠯᠠ ᠲᠡᠷᠡ ᠬᠢᠷᠢ ᠵᠡᠷᠭᠡ ᠦᠨ᠎ᠡ ᠴᠡᠨ᠎ᠡ ᠲᠠᠢ ᠶᠤᠮ ᠪᠤᠢ︖