1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢ
 ᠰᠡᠷᠭᠦᠭᠡᠬᠦ ᠠᠮᠠᠯᠠᠯᠲᠠ
1 ᠲᠠᠢᠪᠤᠰᠢᠷᠠᠭᠤᠯ᠂ ᠠᠷᠠᠳ ᠲᠦᠮᠡᠨ ᠢ ᠮᠢᠨᠢ ᠲᠠᠢᠪᠤᠰᠢᠷᠠᠭᠤᠯ ᠲᠠ ᠨᠠᠷ ᠤᠨ ᠪᠤᠷᠬᠠᠨ ᠠᠢᠯᠠᠳᠴᠤ ᠪᠠᠢᠨ᠎ᠠ᠃
2 ᠶᠧᠷᠦ᠋ᠰᠠᠯᠧᠮ ᠤᠨ ᠵᠢᠷᠦᠬᠡᠨ ᠳᠦ ᠶᠠᠷᠢ᠂ 《ᠬᠦᠨᠳᠦ ᠪᠡᠷᠬᠡ ᠨᠢ ᠥᠩᠭᠡᠷᠡᠪᠡ ᠭᠡᠮ ᠪᠤᠷᠤᠭᠤ ᠨᠢ ᠥᠷᠥᠰᠢᠶᠡᠭᠳᠡᠪᠡ》 ᠭᠡᠵᠦ ᠲᠤᠩ᠋ᠬᠠᠭᠯᠠ ᠬᠠᠮᠤᠭ ᠨᠢᠭᠦᠯ ᠦᠨ ᠢᠶᠠᠨ ᠤᠯᠠᠮ ᠢᠶᠠᠷ ᠲᠡᠷᠡ ᠶᠣᠬᠣᠸᠠ ᠶᠢᠨ ᠮᠤᠲᠤᠷ ᠠᠴᠠ ᠬᠣᠶᠠᠷ ᠳᠠᠬᠢᠨ ᠢ ᠬᠦᠯᠢᠶᠡᠨ ᠠᠪᠤᠭᠰᠠᠨ᠃
3 ᠬᠠᠰᠬᠢᠷᠤᠭᠴᠢ ᠨᠢᠭᠡᠨ ᠦ ᠳᠠᠭᠤ᠄ 《ᠴᠥᠯ ᠳᠤ ᠶᠣᠬᠣᠸᠠ ᠶᠢᠨ ᠵᠠᠮ ᠢ ᠪᠡᠯᠡᠳᠬᠡᠵᠡᠭᠡ ᠪᠢᠳᠡᠨ ᠦ ᠪᠤᠷᠬᠠᠨ ᠤ ᠶᠡᠬᠡ ᠵᠠᠮ ᠢ ᠰᠢᠯᠤᠭᠤᠳᠬᠠᠵᠠᠭ᠎ᠠ᠃
4 ᠬᠥᠨᠳᠡᠢ ᠪᠣᠯᠭᠠᠨ ᠡᠷᠭᠦᠭᠳᠡᠵᠦ᠂ ᠠᠭᠤᠯᠠ ᠲᠣᠯᠣᠭᠠᠳ ᠪᠣᠯᠭᠠᠨ ᠨᠠᠮ ᠪᠣᠯᠵᠤ ᠪᠠᠷᠲᠠᠭ᠎ᠠ ᠲᠠᠢ ᠨᠢ ᠲᠡᠭᠰᠢ ᠪᠠᠷᠵᠠᠭᠠᠷ ᠨᠢ ᠲᠠᠯ᠎ᠠ ᠪᠣᠯᠣᠨ᠎ᠠ᠂
5 ᠶᠣᠬᠣᠸᠠ ᠶᠢᠨ ᠵᠢᠪᠬᠤᠯᠠᠩ ᠢᠯᠡᠷᠬᠡᠶᠢᠯᠡᠭᠳᠡᠵᠦ ᠮᠢᠬᠠᠨ ᠪᠡᠶᠡᠲᠦ ᠪᠦᠬᠦᠨ ᠬᠠᠮᠲᠤ ᠳᠠᠭᠠᠨ ᠲᠡᠭᠦᠨ ᠢ ᠦᠵᠡᠨ᠎ᠡ 《ᠶᠣᠬᠣᠸᠠ ᠶᠢᠨ ᠠᠮᠠ ᠠᠢᠯᠠᠳᠤᠯ᠎ᠠ》 ᠭᠡᠨ᠎ᠡ᠂
6 ᠨᠢᠭᠡᠨ ᠳᠠᠭᠤ᠄ 《ᠲᠤᠩ᠋ᠬᠠᠭᠯᠠ》 ᠭᠡᠰᠡᠨ ᠳᠦ᠂ ᠪᠢ᠄ 《ᠶᠠᠭᠤ ᠶᠢ ᠲᠤᠩ᠋ᠬᠠᠭᠯᠠᠬᠤ ᠪᠤᠢ︖》 ᠭᠡᠪᠡ 《ᠮᠢᠬᠠᠨ ᠪᠡᠶᠡᠲᠦ ᠪᠣᠯᠭᠠᠨ ᠡᠪᠡᠰᠦ ᠮᠡᠲᠦ ᠬᠠᠮᠤᠭ ᠠᠯᠳᠠᠷ ᠨᠢ ᠬᠡᠭᠡᠷ᠎ᠡ ᠶᠢᠨ ᠴᠡᠴᠡᠭ ᠮᠡᠲᠦ᠂
7 ᠶᠣᠬᠣᠸᠠ ᠶᠢᠨ ᠠᠮᠢᠰᠬᠤᠯ ᠳᠡᠭᠡᠷ᠎ᠡ ᠡᠴᠡ ᠨᠢ ᠦᠯᠢᠶᠡᠪᠡᠯ ᠡᠪᠡᠰᠦ ᠬᠤᠪᠠᠬᠠᠢᠷᠠᠵᠤ᠂ ᠴᠡᠴᠡᠭ ᠵᠤᠯᠭᠠᠷᠠᠨ᠎ᠠ ᠡᠨᠡ ᠠᠷᠠᠳ ᠲᠦᠮᠡᠨ ᠦᠨᠡᠬᠡᠷ ᠡᠪᠡᠰᠦ ᠶᠤᠮ᠂
8 ᠡᠪᠡᠰᠦ ᠬᠤᠪᠠᠬᠠᠢᠷᠠᠵᠤ᠂ ᠴᠡᠴᠡᠭ ᠵᠤᠯᠭᠠᠷᠠᠨ᠎ᠠ ᠬᠠᠷᠢᠨ ᠪᠢᠳᠡᠨ ᠦ ᠪᠤᠷᠬᠠᠨ ᠤ ᠦᠭᠡ ᠮᠥᠩᠬᠡᠳᠡ ᠲᠣᠭᠲᠠᠨ᠎ᠠ᠃》

9 ᠪᠠᠶᠠᠷ ᠤᠨ ᠮᠡᠳᠡᠭᠡᠴᠢᠨ ᠽᠢᠶᠣᠨ ᠡ᠂ ᠥᠨᠳᠥᠷ ᠠᠭᠤᠯᠠᠨ ᠳᠡᠭᠡᠷ᠎ᠡ ᠭᠠᠷ᠂ ᠪᠠᠶᠠᠷ ᠤᠨ ᠮᠡᠳᠡᠭᠡᠴᠢᠨ ᠶᠧᠷᠦ᠋ᠰᠠᠯᠧᠮ ᠡ᠂ ᠬᠦᠴᠦ ᠲᠠᠢ ᠪᠠᠷ ᠳᠠᠭᠤ ᠪᠠᠨ ᠡᠷᠭᠦ᠂ ᠪᠦᠦ ᠠᠶᠤ᠂ ᠳᠠᠭᠤ ᠪᠠᠨ ᠡᠷᠭᠦᠨ᠄ 《ᠪᠤᠷᠬᠠᠨ ᠢᠶᠠᠨ ᠬᠠᠷᠠ》 ᠭᠡᠵᠦ ᠶᠦᠳᠠ ᠶᠢᠨ ᠬᠣᠲᠠ ᠲᠣᠰᠬᠣᠳ ᠲᠤ ᠶᠠᠷᠢ᠃
10 ᠬᠠᠷᠠ᠂ ᠶᠣᠬᠣᠸᠠ ᠪᠤᠷᠬᠠᠨ ᠰᠦᠷ ᠬᠦᠴᠦᠲᠡᠢ ᠪᠠᠷ ᠢᠷᠡᠵᠦ ᠥᠪᠡᠷ ᠦᠨ ᠢᠶᠠᠨ ᠮᠤᠲᠤᠷ ᠢᠶᠠᠷ ᠵᠠᠬᠢᠷᠤᠨ᠎ᠠ ᠬᠠᠷᠠ᠂ ᠲᠡᠭᠦᠨ ᠳᠦ ᠱᠠᠩᠨᠠᠯ ᠪᠤᠢ ᠲᠡᠭᠦᠨ ᠦ ᠡᠮᠦᠨ᠎ᠡ ᠬᠠᠷᠢᠭᠤ ᠪᠤᠢ᠃
11 ᠲᠡᠷᠡ ᠬᠣᠨᠢᠴᠢᠨ ᠰᠢᠭ᠋ ᠢᠶᠠᠷ ᠰᠦᠷᠦᠭ ᠢᠶᠡᠨ ᠬᠠᠷᠢᠭᠤᠯᠤᠨ᠎ᠠ ᠬᠤᠷᠠᠭ᠎ᠠ ᠨᠤᠭᠤᠳ ᠢᠶᠠᠨ ᠮᠤᠲᠤᠷ ᠢᠶᠠᠷ ᠢᠶᠠᠨ ᠴᠤᠭᠯᠠᠭᠤᠯᠤᠨ ᠡᠪᠦᠷ ᠲᠡᠭᠡᠨ ᠲᠡᠪᠡᠷᠢᠭᠡᠳ ᠨᠢᠯᠬ᠎ᠠ ᠲᠥᠯ ᠲᠡᠢ ᠶᠢ ᠨᠢ ᠠᠶᠠᠷᠬᠠᠨ ᠬᠥᠲᠥᠯᠥᠨ᠎ᠡ᠃
 ᠬᠡᠮᠵᠢᠶᠡᠯᠡᠰᠢ ᠦᠭᠡᠢ ᠠᠭᠤᠤ ᠪᠤᠷᠬᠠᠨ
12 ᠬᠡᠨ ᠳᠠᠯᠠᠢ ᠶᠢ ᠪᠢᠲᠡᠭᠦᠦ ᠪᠡᠷ ᠢᠶᠠᠨ ᠶᠠᠨᠳᠠᠵᠤ ᠲᠩᠷᠢ ᠶᠢ ᠲᠥᠭᠡᠯᠡᠪᠡ︖ ᠬᠡᠨ ᠭᠠᠵᠠᠷ ᠤᠨ ᠲᠣᠭᠣᠰᠣ ᠶᠢ ᠰᠠᠪᠠ ᠪᠠᠷ ᠬᠡᠮᠵᠢᠵᠦ ᠠᠭᠤᠯᠠᠰ ᠢ ᠳᠡᠩᠰᠡᠯᠡᠨ ᠲᠣᠯᠣᠭᠠᠳ ᠢ ᠵᠢᠩᠯᠡᠭᠰᠡᠨ ᠪᠤᠢ︖
13 ᠬᠡᠨ ᠶᠣᠬᠣᠸᠠ ᠶᠢᠨ ᠪᠣᠳᠣᠯ ᠢ ᠲᠥᠰᠥᠭᠡᠯᠡᠵᠦ ᠲᠡᠭᠦᠨ ᠦ ᠵᠥᠪᠯᠡᠭᠴᠢ ᠪᠣᠯᠵᠤ ᠲᠡᠭᠦᠨ ᠢ ᠰᠤᠷᠭᠠᠨ᠎ᠠ ᠪᠤᠢ︖
14 ᠲᠡᠷᠡ ᠪᠡᠷ ᠬᠡᠨ ᠲᠡᠢ ᠵᠥᠪᠯᠡᠯᠳᠦᠪᠡ︖ ᠬᠡᠨ ᠲᠡᠭᠦᠨ ᠳᠦ ᠵᠢᠭᠠᠵᠤ ᠰᠢᠳᠤᠷᠭᠤ ᠵᠠᠮ ᠢ ᠲᠡᠭᠦᠨ ᠳᠦ ᠰᠤᠷᠭᠠᠨ᠂ ᠮᠡᠳᠡᠯᠭᠡ ᠶᠢ ᠰᠤᠷᠭᠠᠵᠤ ᠤᠬᠠᠭᠠᠷᠠᠯ ᠤᠨ ᠵᠠᠮ ᠢ ᠮᠡᠳᠡᠭᠦᠯᠦᠭᠰᠡᠨ ᠪᠤᠢ︖
15 ᠬᠠᠷᠠ᠂ ᠦᠨᠳᠦᠰᠦᠲᠡᠨ ᠨᠦᠭᠦᠳ ᠬᠤᠪᠢᠩ ᠠᠴᠠ ᠳᠤᠰᠤᠯᠠᠬᠤ ᠳᠤᠰᠤᠯ ᠮᠡᠲᠦ ᠵᠢᠩᠯᠡᠭᠦᠷ ᠳᠡᠭᠡᠷᠡᠬᠢ ᠰᠢᠷᠬᠡᠭ ᠲᠣᠭᠣᠰᠣ ᠮᠡᠲᠦ ᠲᠣᠭᠠᠴᠠᠭᠳᠠᠨ᠎ᠠ ᠬᠠᠷᠠ᠂ ᠲᠡᠷᠡ ᠠᠷᠠᠯ ᠤᠳ ᠢ ᠨᠠᠷᠢᠨ ᠲᠣᠭᠣᠰᠣ ᠮᠡᠲᠦ ᠡᠷᠭᠦᠨ᠎ᠡ᠃
16 ᠲᠦᠯᠡᠬᠦ ᠳᠦ ᠯᠧᠪᠠᠨᠣᠨ ᠤ ᠣᠢ ᠴᠤ ᠬᠠᠩ᠋ᠭᠠᠯᠲᠠ ᠦᠭᠡᠢ ᠲᠠᠬᠢᠯ ᠳᠤ ᠠᠷᠢᠶᠠᠲᠠᠨ ᠠᠮᠢᠲᠠᠳ ᠨᠢ ᠴᠤ ᠬᠠᠩ᠋ᠭᠠᠯᠲᠠ ᠦᠭᠡᠢ᠃
17 ᠬᠠᠮᠤᠭ ᠦᠨᠳᠦᠰᠦᠲᠡᠨ ᠲᠡᠭᠦᠨ ᠦ ᠡᠮᠦᠨ᠎ᠡ ᠶᠠᠭᠤ ᠴᠤ ᠪᠢᠰᠢ ᠬᠣᠭᠣᠰᠣᠨ ᠳᠡᠮᠡᠢ ᠳᠦ ᠲᠣᠭᠠᠴᠠᠭᠳᠠᠨ᠎ᠠ᠃

18 ᠲᠠ ᠨᠠᠷ ᠪᠤᠷᠬᠠᠨ ᠢ ᠬᠡᠨ ᠲᠡᠢ ᠠᠳᠠᠯᠢᠣᠬᠠᠬᠤ ᠪᠢᠯᠡ︖ ᠲᠡᠭᠦᠨ ᠢ ᠶᠠᠮᠠᠷ ᠳᠦᠷᠢ ᠲᠠᠢ ᠵᠦᠢᠷᠯᠡᠬᠦ ᠪᠤᠢ︖
19 ᠰᠢᠲᠦᠭᠡᠨ ᠢ ᠬᠠᠷᠢᠨ ᠳᠠᠷᠬᠠᠨ ᠪᠦᠲᠦᠭᠡᠭᠰᠡᠨ ᠠᠯᠲᠠᠨ ᠤ ᠳᠠᠷᠬᠠᠨ ᠠᠯᠲᠠ ᠪᠠᠷ ᠪᠦᠷᠢᠵᠦ ᠮᠥᠩᠭᠥᠨ ᠦ ᠳᠠᠷᠬᠠᠨ ᠮᠥᠩᠭᠥ ᠪᠡᠷ ᠬᠡᠯᠬᠢᠳᠡᠭ
20 ᠦᠭᠡᠭᠦᠴᠦᠳ ᠨᠢ ᠲᠡᠳᠡᠭᠡᠷ ᠢ ᠡᠷᠭᠦᠯ ᠪᠣᠯᠭᠠᠬᠤ ᠴᠢᠳᠠᠯ ᠦᠭᠡᠢ ᠥᠮᠡᠬᠡᠶᠢᠷᠡᠰᠢ ᠦᠭᠡᠢ ᠮᠣᠳᠣ ᠶᠢ ᠰᠣᠩ᠋ᠭᠣᠵᠤ
ᠦᠯᠦ ᠬᠥᠳᠡᠯᠬᠦ ᠰᠢᠲᠦᠭᠡᠨ ᠢ ᠪᠣᠰᠬᠠᠬᠤ ᠪᠠᠷ ᠤᠷᠠᠨ ᠳᠠᠷᠬᠠᠨ ᠢ ᠬᠠᠢᠳᠠᠭ᠃

21 ᠲᠠ ᠨᠠᠷ ᠮᠡᠳᠡᠬᠦ ᠦᠭᠡᠢ ᠭᠡᠵᠢ ᠤᠤ︖ ᠲᠠ ᠨᠠᠷ ᠰᠣᠨᠣᠰᠣᠭ᠎ᠠ ᠦᠭᠡᠢ ᠭᠡᠵᠢ ᠤᠤ︖ ᠡᠬᠢᠨ ᠡᠴᠡ ᠪᠡᠨ ᠲᠠ ᠨᠠᠷ ᠲᠤ ᠢᠯᠡᠷᠬᠡᠶᠢᠯᠡᠭᠳᠡᠭᠡ ᠦᠭᠡᠢ ᠭᠡᠵᠢ ᠤᠤ︖ ᠳᠡᠯᠡᠬᠡᠢ ᠶᠢᠨ ᠰᠠᠭᠤᠷᠢ ᠲᠠᠯᠪᠢᠭᠳᠠᠭᠰᠠᠨ ᠠᠴᠠ ᠬᠣᠢᠰᠢ ᠲᠠ ᠨᠠᠷ ᠣᠢᠯᠠᠭᠠᠭ᠎ᠠ ᠦᠭᠡᠢ ᠤᠤ︖
22 ᠲᠡᠷᠡ ᠪᠡᠷ ᠳᠡᠯᠡᠬᠡᠢ ᠶᠢᠨ ᠲᠣᠭᠣᠷᠢᠭ ᠳᠡᠭᠡᠷ᠎ᠡ ᠵᠠᠯᠠᠷᠠᠵᠤ ᠪᠠᠢᠬᠤ ᠳᠤ ᠳᠡᠯᠡᠬᠡᠢ ᠶᠢᠨ ᠰᠠᠭᠤᠭᠠᠯᠢᠴᠢᠳ ᠴᠠᠷᠴᠠᠬᠠᠢ ᠮᠡᠲᠦ ᠪᠠᠢᠳᠠᠭ᠂ ᠲᠡᠷᠡ ᠪᠡᠷ ᠲᠩᠷᠢ ᠶᠢ ᠪᠦᠲᠡᠭᠡᠯᠭᠡ ᠮᠡᠲᠦ ᠲᠠᠲᠠᠵᠤ ᠰᠠᠭᠤᠳᠠᠭ ᠮᠠᠢᠬᠠᠨ ᠮᠡᠲᠦ ᠳᠡᠯᠭᠡᠳᠡᠭ᠂
23 ᠵᠠᠬᠢᠷᠤᠭᠴᠢᠳ ᠢ ᠲᠡᠷᠡ ᠶᠠᠭᠤ ᠴᠤ ᠪᠢᠰᠢ ᠪᠣᠯᠭᠠᠵᠤ ᠶᠢᠷᠲᠢᠨᠴᠦ ᠶᠢᠨ ᠰᠢᠭᠦᠭᠴᠢᠳ ᠢ ᠳᠡᠮᠡᠢ ᠪᠣᠯᠭᠠᠳᠠᠭ᠃
24 ᠲᠡᠳᠡ ᠳᠥᠩᠭᠡᠵᠢ ᠲᠠᠷᠢᠭᠳᠠᠭᠠᠳ ᠳᠥᠩᠭᠡᠵᠢ ᠦᠷ᠎ᠡ ᠰᠠᠴᠤᠭᠳᠠᠭᠠᠳ ᠳᠥᠩᠭᠡᠵᠢ ᠦᠨᠳᠦᠰᠦ ᠪᠡᠨ ᠭᠠᠵᠠᠷ ᠲᠤ ᠬᠠᠳᠬᠤᠬᠤ ᠳᠤ ᠶᠣᠬᠣᠸᠠ ᠲᠡᠳᠡᠨ ᠤᠷᠤᠭᠤ ᠦᠯᠢᠶᠡᠪᠡᠯ ᠲᠡᠳᠡ ᠬᠠᠲᠠᠵᠤ᠂ ᠰᠦᠷᠡᠯ ᠮᠡᠲᠦ ᠰᠢᠭᠤᠷᠭᠠᠨ ᠳᠤ ᠬᠡᠶᠢᠰᠦᠨ᠎ᠡ᠃
25 ᠠᠷᠢᠭᠤᠨ ᠨᠢᠭᠡᠨ ᠨᠢ ᠠᠢᠯᠠᠳᠴᠤ ᠪᠠᠢᠨ᠎ᠠ᠂ ᠨᠠᠮᠠᠶᠢ ᠲᠠ ᠨᠠᠷ ᠬᠡᠨ ᠲᠡᠢ ᠠᠳᠠᠯᠢᠳᠬᠠᠵᠤ ᠬᠡᠨ ᠲᠡᠢ ᠬᠠᠷᠢᠴᠠᠭᠤᠯᠬᠤ ᠪᠤᠢ︖
26 ᠲᠠ ᠨᠠᠷ ᠨᠢᠳᠦ ᠪᠡᠨ ᠲᠩᠷᠢ ᠥᠭᠡᠳᠡ ᠡᠷᠭᠦᠨ ᠲᠡᠳᠡᠭᠡᠷ ᠢ ᠬᠡᠨ ᠪᠦᠲᠦᠭᠡᠭᠰᠡᠨ ᠢ ᠬᠠᠷᠠ᠂ ᠲᠦᠭ ᠲᠦᠮᠡᠨ ᠣᠳᠣ ᠶᠢ ᠨᠢᠭᠡ ᠨᠢᠭᠡ ᠪᠡᠷ ᠨᠢ ᠠᠪᠴᠢᠷᠠᠵᠤ ᠪᠦᠭᠦᠳᠡ ᠶᠢ ᠨᠡᠷ᠎ᠡ ᠪᠡᠷ ᠨᠢ ᠳᠠᠭᠤᠳᠠᠭᠴᠢ ᠨᠢ ᠲᠡᠷᠡ ᠲᠡᠭᠦᠨ ᠦ ᠬᠦᠴᠦ ᠠᠭᠤᠤ᠂ ᠲᠡᠭᠦᠨ ᠦ ᠴᠢᠳᠠᠯ ᠪᠠᠲᠤ ᠪᠣᠯᠬᠣᠷ ᠲᠡᠳᠡᠭᠡᠷ ᠡᠴᠡ ᠨᠢᠭᠡ ᠨᠢ ᠴᠤ ᠠᠯᠳᠠᠭᠳᠠᠳᠠᠭ ᠦᠭᠡᠢ᠃

27 ᠬᠠᠷᠢᠨ ᠴᠢ ᠶᠠᠭᠤᠨ ᠳᠤ᠄ 《〈ᠵᠠᠮ ᠮᠢᠨᠢ ᠶᠣᠬᠣᠸᠠ ᠠᠴᠠ ᠳᠠᠯᠳᠠᠯᠠᠭᠳᠠᠪᠠ〉 ᠭᠡᠨ᠎ᠡ ᠪᠤᠢ︖ ᠶᠠᠺᠣᠪ ᠡ᠂》 ᠴᠢ ᠶᠠᠭᠤᠨ ᠳᠤ᠄ 《〈ᠵᠠᠷᠭᠤ ᠶᠢ ᠮᠢᠨᠢ ᠪᠤᠷᠬᠠᠨ ᠦᠯᠦ ᠲᠣᠭᠣᠮᠰᠠᠷᠯᠠᠪᠠ〉 ᠭᠡᠨ᠎ᠡ ᠪᠤᠢ︖ ᠢᠰᠷᠧᠯ ᠡ》
28 ᠴᠢ ᠮᠡᠳᠡᠭᠡ ᠦᠭᠡᠢ ᠭᠡᠵᠢ ᠤᠤ︖ ᠴᠢ ᠰᠣᠨᠣᠰᠣᠭ᠎ᠠ ᠦᠭᠡᠢ ᠭᠡᠵᠢ ᠤᠤ︖ ᠮᠥᠩᠬᠡ ᠶᠢᠨ ᠪᠤᠷᠬᠠᠨ ᠶᠣᠬᠣᠸᠠ᠂ ᠳᠡᠯᠡᠬᠡᠢ ᠶᠢᠨ ᠬᠢᠵᠠᠭᠠᠷ ᠢ ᠪᠦᠲᠦᠭᠡᠭᠴᠢ ᠨᠢ ᠡᠴᠡᠰᠢ ᠦᠭᠡᠢ᠂ ᠶᠠᠳᠠᠷᠠᠰᠢ ᠦᠭᠡᠢ᠂ ᠲᠡᠭᠦᠨ ᠦ ᠤᠬᠠᠭᠠᠨ ᠬᠡᠮᠵᠢᠶᠡᠯᠡᠰᠢ ᠦᠭᠡᠢ᠂
29 ᠲᠡᠷᠡ ᠡᠴᠡᠭᠰᠡᠳ ᠲᠦ ᠲᠡᠩᠬᠡᠭᠡ ᠥᠭᠴᠦ ᠴᠢᠳᠠᠯ ᠦᠭᠡᠢ ᠳᠦᠨᠢ ᠬᠦᠴᠦ ᠨᠡᠮᠡᠬᠦ ᠪᠣᠯᠣᠨ᠎ᠠ᠂
30 ᠵᠠᠯᠠᠭᠤ ᠨᠢ ᠴᠤ ᠡᠴᠡᠵᠦ ᠶᠠᠳᠠᠷᠠᠳᠠᠭ ᠢᠳᠡᠷᠴᠦᠦᠯ ᠴᠤ ᠪᠦᠳᠦᠷᠢᠨ ᠪᠦᠳᠦᠷᠢᠨ᠎ᠡ᠂
31 ᠭᠡᠪᠡᠴᠦ ᠶᠣᠬᠣᠸᠠ ᠳᠤ ᠨᠠᠢᠳᠠᠭᠴᠢᠳ ᠬᠦᠴᠦ ᠪᠡᠨ ᠰᠢᠨᠡᠴᠢᠯᠡᠭᠦᠯᠦᠨ᠎ᠡ ᠲᠡᠳᠡ ᠳᠠᠯᠠᠪᠴᠢ ᠪᠠᠷ ᠢᠶᠠᠨ ᠪᠦᠷᠭᠦᠳ ᠮᠡᠲᠦ ᠥᠨᠳᠥᠷ ᠲᠦ ᠬᠥᠭᠡᠷᠦᠨ᠎ᠡ ᠲᠡᠳᠡ ᠭᠦᠶᠦᠭᠰᠡᠨ ᠴᠤ ᠶᠠᠳᠠᠷᠠᠬᠤ ᠦᠭᠡᠢ ᠠᠯᠬᠤᠭᠰᠠᠨ ᠴᠤ ᠡᠴᠡᠬᠦ ᠦᠭᠡᠢ᠃