1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢᠨ ᠨᠢᠭᠡ
 ᠠᠪᠤᠷᠠᠭᠴᠢ ᠢᠷᠡᠨ᠎ᠡ
1 《ᠠᠷᠠᠯ ᠤᠳ ᠡ᠂ ᠮᠢᠨᠦ ᠡᠮᠦᠨ᠎ᠡ ᠴᠢᠮᠡᠭᠡ ᠦᠭᠡᠢ ᠪᠠᠢ᠂ ᠦᠨᠳᠦᠰᠦᠲᠡᠨ ᠨᠦᠭᠦᠳ ᠡ᠂ ᠬᠦᠴᠦ ᠪᠡᠨ ᠰᠢᠨᠡᠴᠢᠯᠡᠭᠡᠳ ᠢᠷᠡᠵᠦ ᠶᠠᠷᠢ ᠪᠢᠳᠡ ᠴᠥᠮ ᠢᠶᠡᠷ ᠢᠶᠠᠨ ᠬᠠᠮᠲᠤ ᠰᠢᠭᠦᠯᠲᠡ ᠤᠷᠤᠭᠤ ᠣᠢᠷᠠᠲᠤᠶ᠎ᠠ᠃
2 ᠬᠡᠨ ᠳᠣᠷᠣᠨ᠎ᠠ ᠵᠦᠭ ᠡᠴᠡ ᠵᠥᠪᠲᠦ ᠨᠢᠭᠡᠨ ᠢ ᠪᠣᠰᠬᠠᠵᠤ ᠬᠥᠯ ᠳᠣᠣᠷ᠎ᠠ ᠪᠠᠨ ᠳᠠᠭᠤᠳᠠᠭᠰᠠᠨ ᠪᠤᠢ︖ ᠬᠡᠨ ᠲᠡᠭᠦᠨ ᠳᠦ ᠦᠨᠳᠦᠰᠦᠲᠡᠨ ᠨᠦᠭᠦᠳ ᠢ ᠲᠤᠰᠢᠶᠠᠨ᠂ ᠬᠠᠭᠠᠳ ᠢ ᠵᠠᠬᠢᠷᠤᠭᠤᠯᠤᠭᠰᠠᠨ ᠪᠤᠢ︖ ᠬᠡᠨ ᠢᠯᠳᠦ ᠪᠡᠷ ᠢᠶᠠᠨ ᠲᠡᠳᠡᠨ ᠢ ᠲᠣᠭᠣᠰᠣ ᠮᠡᠲᠦ᠂ ᠨᠤᠮᠤ ᠪᠠᠷ ᠢᠶᠠᠨ ᠲᠡᠳᠡᠨ ᠢ ᠰᠦᠷᠡᠯ ᠮᠡᠲᠦ ᠬᠡᠶᠢᠰᠭᠡᠪᠡ︖
3 ᠲᠡᠳᠡᠨ ᠢ ᠮᠥᠰᠬᠢᠬᠦ ᠳᠡᠭᠡᠨ ᠲᠡᠷᠡ ᠬᠥᠯ ᠲᠠᠯᠪᠢᠵᠤ ᠪᠠᠢᠭ᠎ᠠ ᠦᠭᠡᠢ ᠵᠠᠮ ᠢᠶᠠᠷ ᠠᠮᠤᠷ ᠲᠠᠢᠪᠤᠩ ᠥᠩᠭᠡᠷᠡᠨ᠎ᠡ᠃
4 ᠬᠡᠨ ᠡᠭᠦᠨ ᠢ ᠪᠡᠶᠡᠯᠡᠭᠦᠯᠦᠨ ᠭᠦᠢᠴᠡᠳᠬᠡᠪᠡ︖ ᠡᠬᠢᠨ ᠡᠴᠡ ᠠᠪᠤᠭᠠᠳ ᠬᠡᠨ ᠴᠠᠭ ᠡᠷᠡᠨ ᠢ ᠳᠠᠭᠤᠳᠠᠨ ᠭᠠᠷᠭᠠᠭᠰᠠᠭᠠᠷ ᠪᠠᠢᠨ᠎ᠠ︖ ᠶᠣᠬᠣᠸᠠ ᠪᠢ ᠯᠠ ᠡᠬᠢᠯᠡᠯ ᠲᠡᠢ᠂ ᠲᠡᠭᠦᠰᠬᠡᠯ ᠤᠳ ᠲᠠᠢ ᠬᠠᠮᠲᠤ ᠪᠠᠢᠳᠠᠭ ᠲᠡᠷᠡ ᠮᠥᠨ᠃》

5 ᠠᠷᠠᠯ ᠤᠳ ᠦᠵᠡᠭᠡᠳ ᠠᠶᠤᠵᠤ ᠳᠡᠯᠡᠬᠡᠢ ᠶᠢᠨ ᠬᠢᠵᠠᠭᠠᠷ ᠤᠳ ᠲᠦᠭᠰᠢᠪᠡ ᠲᠡᠳᠡ ᠣᠢᠷᠠᠲᠤᠨ ᠢᠷᠡᠨ᠎ᠡ᠂
6 ᠲᠡᠳᠡ ᠪᠦᠭᠦᠳᠡ ᠪᠡᠶ᠎ᠡ ᠪᠡᠶ᠎ᠡ ᠪᠡᠨ ᠲᠤᠰᠠᠯᠠᠨ ᠨᠢᠭᠡ ᠨᠢ ᠨᠥᠭᠥᠭᠡ ᠪᠡᠨ 《ᠵᠣᠷᠢᠭᠲᠠᠢ ᠪᠠᠢ》 ᠭᠡᠨ᠎ᠡ᠃
7 ᠳᠠᠷᠬᠠᠨ ᠨᠢ ᠠᠯᠲᠠ ᠳᠠᠪᠲᠠᠭᠴᠢ ᠶᠢ ᠵᠣᠷᠢᠭᠵᠢᠭᠤᠯᠵᠤ ᠠᠯᠤᠬᠠᠴᠢᠨ ᠨᠢ ᠳᠥᠰᠢᠴᠢᠨ ᠢᠶᠠᠨ ᠵᠣᠷᠢᠭᠵᠢᠭᠤᠯᠤᠨ ᠭᠠᠩᠨᠠᠭᠠᠰᠤ ᠶᠢ ᠦᠵᠡᠭᠡᠳ 《ᠰᠠᠢᠨ ᠪᠠᠢᠨ᠎ᠠ》 ᠭᠡᠵᠦ ᠰᠢᠲᠦᠭᠡᠨ ᠢ ᠭᠠᠩ᠋ᠬᠤᠭᠤᠯᠬᠤ ᠦᠭᠡᠢ ᠭᠡᠵᠦ ᠬᠠᠳᠠᠭᠠᠰᠤ ᠪᠠᠷ ᠲᠣᠭᠲᠠᠭᠠᠨ᠎ᠠ᠂
8 《ᠬᠠᠷᠢᠨ ᠴᠢ ᠮᠢᠨᠦ ᠪᠣᠭᠣᠯ ᠢᠰᠷᠧᠯ ᠡ︕ ᠮᠢᠨᠦ ᠰᠣᠩ᠋ᠭᠣᠭᠰᠠᠨ ᠶᠠᠺᠣᠪ ᠡ︕ ᠮᠢᠨᠦ ᠨᠠᠢᠵᠠ ᠠᠪᠷᠠᠬᠠᠮ ᠤᠨ ᠦᠷ᠎ᠡ ᠤᠳᠤᠮ ᠡ︕
9 ᠴᠢᠮᠠᠶᠢ ᠪᠢ ᠭᠠᠵᠠᠷ ᠤᠨ ᠬᠢᠵᠠᠭᠠᠷ ᠠᠴᠠ ᠠᠪᠴᠢᠷᠠᠪᠠ ᠴᠢᠮᠠᠶᠢ ᠪᠢ ᠥᠨᠴᠥᠭ ᠪᠤᠯᠤᠩ ᠠᠴᠠ ᠳᠠᠭᠤᠳᠠᠵᠤ 〈ᠴᠢ ᠮᠢᠨᠦ ᠵᠠᠷᠤᠴᠠ〉 ᠭᠡᠵᠦ ᠬᠡᠯᠡᠭᠰᠡᠨ ᠪᠢ ᠴᠢᠮᠠᠶᠢ ᠰᠣᠩ᠋ᠭᠣᠭᠰᠠᠨ ᠴᠢᠮᠠᠶᠢ ᠭᠣᠯᠣᠭ᠎ᠠ ᠦᠭᠡᠢ᠃
10 ᠪᠦᠦ ᠠᠶᠤ︕ ᠪᠢ ᠴᠢᠮ᠎ᠠ ᠲᠠᠢ ᠬᠠᠮᠲᠤ ᠪᠠᠢᠨ᠎ᠠ ᠪᠦᠦ ᠰᠠᠨᠳᠤᠷ᠂ ᠪᠢ ᠴᠢᠨᠦ ᠪᠤᠷᠬᠠᠨ ᠪᠠᠢᠨ᠎ᠠ ᠪᠢ ᠴᠢᠮᠠᠶᠢ ᠲᠡᠩᠬᠡᠷᠡᠭᠦᠯᠦᠨ᠎ᠡ ᠦᠨᠡᠬᠡᠷ ᠪᠢ ᠴᠢᠮ᠎ᠠ ᠳᠤ ᠲᠤᠰᠠᠯᠠᠨ᠎ᠠ ᠦᠨᠡᠬᠡᠷ ᠪᠢ ᠴᠢᠮᠠᠶᠢ ᠢᠯᠠᠭᠤᠭᠰᠠᠨ 17 ᠪᠠᠷᠠᠭᠤᠨ ᠮᠤᠲᠤᠷ ᠢᠶᠠᠷ ᠢᠶᠠᠨ ᠳᠡᠮᠵᠢᠨ᠎ᠡ᠃
11 ᠬᠠᠷᠠ᠂ ᠴᠢᠮ᠎ᠠ ᠳᠤ ᠬᠢᠯᠢᠩᠨᠡᠭᠰᠡᠨ ᠪᠦᠬᠦᠨ ᠢᠴᠢᠵᠦ᠂ ᠭᠤᠲᠤᠮᠰᠢᠭ ᠪᠣᠯᠣᠨ᠎ᠠ ᠴᠢᠮ᠎ᠠ ᠲᠠᠢ ᠮᠠᠷᠭᠤᠯᠳᠤᠭᠴᠢᠳ ᠶᠠᠭᠤ ᠴᠤ ᠪᠢᠰᠢ ᠪᠣᠯᠵᠤ᠂ ᠮᠥᠬᠥᠨ᠎ᠡ᠃
12 ᠴᠢᠮᠠᠶᠢ ᠳᠠᠢᠰᠦᠩᠨᠠᠭᠴᠢ ᠶᠢ ᠴᠢ ᠡᠷᠢᠭᠰᠡᠨ ᠴᠤ ᠦᠯᠦ ᠣᠯᠣᠨ᠎ᠠ ᠴᠢᠮ᠎ᠠ ᠲᠠᠢ ᠳᠠᠢᠲᠤᠭᠴᠢᠳ ᠶᠠᠭᠤ ᠴᠤ ᠪᠢᠰᠢ᠂ ᠳᠡᠮᠡᠢ ᠪᠣᠯᠣᠨ᠎ᠠ᠃
13 ᠤᠴᠢᠷ ᠨᠢ ᠴᠢᠨᠦ ᠪᠤᠷᠬᠠᠨ ᠶᠣᠬᠣᠸᠠ ᠪᠢ ᠪᠠᠷᠠᠭᠤᠨ ᠭᠠᠷ ᠠᠴᠠ ᠴᠢᠨᠢ ᠠᠳᠬᠤᠨ ᠴᠢᠮ᠎ᠠ ᠳᠤ ᠬᠡᠯᠡᠵᠦ ᠪᠠᠢᠨ᠎ᠠ᠄ 〈ᠪᠦᠦ ᠠᠶᠤ᠂ ᠪᠢ ᠴᠢᠮ᠎ᠠ ᠳᠤ ᠲᠤᠰᠠᠯᠠᠨ᠎ᠠ᠃〉
14 ᠪᠦᠦ ᠠᠶᠤ᠂ ᠥᠲᠥ ᠶᠠᠺᠣᠪ᠂ ᠥᠴᠦᠬᠡᠨ ᠢᠰᠷᠧᠯ ᠡ᠂ ᠪᠢ ᠴᠢᠮ᠎ᠠ ᠳᠤ ᠲᠤᠰᠠᠯᠠᠨ᠎ᠠ᠂ ᠴᠢᠨᠦ ᠵᠣᠯᠢᠭᠴᠢ᠂ ᠢᠰᠷᠧᠯ ᠤᠨ ᠠᠷᠢᠭᠤᠨ ᠨᠢᠭᠡᠨ᠂ ᠶᠣᠬᠣᠸᠠ ᠲᠤᠩ᠋ᠬᠠᠭᠯᠠᠵᠤ ᠪᠠᠢᠨ᠎ᠠ᠃
15 ᠬᠠᠷᠠ᠂ ᠪᠢ ᠴᠢᠮᠠᠶᠢ ᠠᠷᠠᠭ᠎ᠠ ᠲᠠᠢ᠂ ᠰᠢᠨ᠎ᠡ᠂ ᠬᠤᠷᠴᠠ ᠪᠤᠲᠠᠯᠤᠭᠴᠢ ᠵᠡᠪᠰᠡᠭ ᠪᠣᠯᠭᠠᠨ᠎ᠠ᠂ ᠴᠢ ᠠᠭᠤᠯᠠᠰ ᠢ ᠪᠤᠲᠠᠯᠤᠨ᠂ ᠨᠤᠨᠲᠠᠭᠯᠠᠵᠤ ᠲᠣᠯᠣᠭᠠᠳ ᠢ ᠬᠡᠪᠡᠭ ᠮᠡᠲᠦ ᠪᠣᠯᠭᠠᠨ᠎ᠠ᠃
16 ᠴᠢ ᠲᠡᠳᠡᠭᠡᠷ ᠢ ᠰᠠᠴᠤᠬᠤ ᠳᠤ ᠰᠠᠯᠬᠢ ᠬᠡᠶᠢᠰᠭᠡᠨ᠂ ᠰᠢᠭᠤᠷᠭ᠎ᠠ ᠪᠤᠲᠠᠷᠠᠭᠠᠨ᠎ᠠ᠂ ᠬᠠᠷᠢᠨ ᠴᠢ ᠶᠣᠬᠣᠸᠠ ᠪᠠᠷ ᠪᠠᠶᠠᠷᠯᠠᠵᠤ ᠢᠰᠷᠧᠯ ᠤᠨ ᠠᠷᠢᠭᠤᠨ ᠨᠢᠭᠡᠨ ᠢᠶᠡᠷ ᠪᠠᠬᠠᠷᠬᠠᠬᠤ ᠪᠣᠯᠣᠨ᠎ᠠ᠃

17 ᠦᠭᠡᠭᠦᠦ᠂ ᠶᠠᠳᠠᠭᠤᠴᠤᠳ ᠤᠰᠤ ᠡᠷᠢᠬᠦ ᠪᠣᠯᠪᠠᠴᠤ ᠣᠯᠬᠤ ᠦᠭᠡᠢ ᠴᠠᠩ᠋ᠭᠠᠭᠰᠠᠨ ᠠᠴᠠ ᠪᠣᠯᠵᠤ ᠬᠡᠯᠡ ᠨᠢ ᠬᠠᠲᠠᠵᠤ ᠪᠠᠢᠬᠤ ᠳᠤ ᠶᠣᠬᠣᠸᠠ ᠪᠢ ᠬᠠᠷᠢᠭᠤᠯᠤᠨ᠎ᠠ ᠢᠰᠷᠧᠯ ᠤᠨ ᠪᠤᠷᠬᠠᠨ ᠪᠢ ᠲᠡᠳᠡᠨ ᠢ ᠣᠷᠬᠢᠬᠤ ᠦᠭᠡᠢ᠃
18 ᠪᠢ ᠨᠢᠴᠦᠭᠦᠨ ᠠᠭᠤᠯᠠᠨ ᠳᠡᠭᠡᠷ᠎ᠡ ᠭᠣᠣᠯ ᠢ ᠬᠥᠨᠳᠡᠢ ᠶᠢᠨ ᠳᠤᠮᠳᠠ ᠪᠤᠯᠠᠭ ᠢ ᠭᠠᠷᠭᠠᠨ᠎ᠠ ᠪᠢ ᠴᠥᠯ ᠢ ᠤᠰᠤᠨ ᠤ ᠴᠥᠭᠥᠷᠥᠮ ᠵᠡᠯᠢᠭᠦᠳ ᠭᠠᠵᠠᠷ ᠢ ᠤᠰᠤᠨ ᠤ ᠤᠨᠳᠤᠷᠤᠭ᠎ᠠ ᠪᠣᠯᠭᠠᠨ᠎ᠠ᠃
19 ᠪᠢ ᠴᠥᠯ ᠳᠤ ᠬᠤᠱᠢ᠂ ᠬᠤᠸᠠᠢᠰᠠ ᠮᠣᠳᠣ᠂ ᠰᠢᠷᠠᠰᠤᠨ ᠮᠣᠳᠣ ᠬᠢᠭᠡᠳ ᠴᠢᠳᠦᠨ ᠮᠣᠳᠣ ᠶᠢ ᠲᠠᠷᠢᠵᠤ ᠵᠡᠯᠢᠭᠦᠳ ᠲᠠᠯ᠎ᠠ ᠳᠤ ᠠᠷᠴᠠ᠂ ᠴᠦᠭᠦᠷᠰᠦ᠂ ᠨᠠᠷᠠᠰᠤᠨ ᠮᠣᠳᠣ ᠶᠢ ᠬᠠᠮᠲᠤ ᠰᠠᠭᠤᠯᠭᠠᠨ᠎ᠠ᠂
20 ᠬᠥᠮᠦᠰ ᠡᠳᠡᠭᠡᠷ ᠢ ᠦᠵᠡᠭᠡᠳ ᠣᠢᠯᠠᠭᠠᠨ᠎ᠠ ᠶᠣᠬᠣᠸᠠ ᠶᠢᠨ ᠮᠤᠲᠤᠷ ᠡᠳᠡᠭᠡᠷ ᠢ ᠵᠣᠬᠢᠶᠠᠭᠰᠠᠨ ᠢ ᠢᠰᠷᠧᠯ ᠤᠨ ᠠᠷᠢᠭᠤᠨ ᠨᠢᠭᠡᠨ ᠪᠦᠲᠦᠭᠡᠭᠰᠡᠨ ᠢ ᠲᠤᠩ᠋ᠭᠠᠨ ᠤᠬᠠᠭᠠᠷᠠᠬᠤ ᠪᠣᠯᠣᠨ᠎ᠠ᠃
 ᠬᠣᠭᠣᠰᠣᠨ ᠰᠢᠲᠦᠭᠡᠨ ᠨᠦᠭᠦᠳ
21 ᠶᠣᠬᠣᠸᠠ 《ᠵᠠᠷᠭᠤ ᠪᠠᠨ ᠮᠡᠳᠡᠭᠦᠯ》 ᠭᠡᠵᠦ ᠶᠠᠺᠣᠪ ᠤᠨ ᠬᠠᠭᠠᠨ 《ᠪᠠᠷᠢᠮᠲᠠ ᠪᠠᠨ ᠠᠪᠴᠢᠷᠠ》 ᠭᠡᠵᠦ ᠠᠢᠯᠠᠳᠴᠤ ᠪᠠᠢᠨ᠎ᠠ᠃
22 ᠰᠢᠲᠦᠭᠡᠨ ᠨᠦᠭᠦᠳ ᠣᠢᠷᠠᠲᠤᠨ ᠢᠷᠡᠭ ᠶᠠᠭᠤ ᠲᠣᠬᠢᠶᠠᠯᠳᠤᠬᠤ ᠶᠢ ᠪᠢᠳᠡᠨ ᠳᠦ ᠢᠯᠡᠷᠬᠡᠶᠢᠯᠡᠵᠦ ᠤᠷᠢᠳᠤ ᠶᠢᠨ ᠵᠥᠩ ᠢ ᠨᠢ ᠴᠤ ᠪᠢᠳᠡᠨ ᠳᠦ ᠢᠯᠡᠷᠬᠡᠶᠢᠯᠡᠭ ᠪᠢᠳᠡ ᠲᠡᠭᠦᠨ ᠢ ᠨᠢ ᠰᠢᠯᠭᠠᠵᠤ᠂ ᠦᠷ᠎ᠡ ᠳ᠋ᠦᠩ ᠢ ᠨᠢ ᠮᠡᠳᠡᠶ᠎ᠡ ᠵᠠ᠂ ᠪᠣᠯᠬᠤ ᠵᠦᠢᠯᠡᠰ ᠢ ᠪᠢᠳᠡᠨ ᠳᠦ ᠰᠣᠨᠣᠰᠬ᠎ᠠ᠂
23 ᠢᠷᠡᠭᠡᠳᠦᠢ ᠳᠦ ᠪᠣᠯᠬᠤ ᠶᠠᠪᠤᠳᠠᠯ ᠤᠳ ᠢ ᠢᠯᠡᠷᠬᠡᠶᠢᠯᠡ ᠲᠡᠭᠡᠪᠡᠯ ᠪᠢᠳᠡ ᠲᠠ ᠨᠠᠷ ᠢ ᠪᠤᠷᠬᠠᠳ ᠭᠡᠵᠦ ᠮᠡᠳᠡᠬᠦ ᠪᠣᠯᠣᠨ᠎ᠠ ᠰᠠᠢᠨ ᠪᠤᠶᠤ ᠮᠠᠭᠤ ᠶᠢ ᠦᠢᠯᠡᠳᠦᠭᠡᠳ ᠦᠵᠡ ᠲᠡᠭᠡᠪᠡᠯ ᠪᠢᠳᠡ ᠰᠠᠨᠳᠤᠷᠴᠤ᠂ ᠬᠠᠮᠲᠤ ᠳᠠᠭᠠᠨ ᠰᠦᠷᠳᠡᠬᠦ ᠪᠣᠯᠣᠨ᠎ᠠ᠃
24 ᠬᠠᠷᠢᠨ ᠲᠠ ᠨᠠᠷ ᠶᠠᠭᠤ ᠴᠤ ᠪᠢᠰᠢ᠂ ᠦᠢᠯᠡ ᠬᠡᠷᠡᠭ ᠴᠢᠨᠢ ᠬᠣᠭᠣᠰᠣᠨ︕ ᠲᠠ ᠨᠠᠷ ᠢ ᠰᠣᠩ᠋ᠭᠣᠭᠴᠢ ᠨᠢ ᠵᠢᠭᠰᠢᠭᠦᠷᠢ ᠲᠠᠢ᠃
25 ᠪᠢ ᠤᠮᠠᠷᠠᠲᠤ ᠵᠦᠭ ᠡᠴᠡ ᠨᠢᠭᠡᠨ ᠬᠥᠮᠦᠨ ᠢ ᠪᠣᠰᠬᠠᠭᠰᠠᠨ ᠲᠡᠷᠡ ᠨᠠᠷᠠᠨ ᠮᠠᠨᠳᠤᠬᠤ ᠵᠦᠭ ᠡᠴᠡ ᠠᠢᠰᠤᠢ ᠲᠡᠷᠡ ᠮᠢᠨᠦ ᠨᠡᠷ᠎ᠡ ᠪᠡᠷ ᠲᠤᠩ᠋ᠬᠠᠭᠯᠠᠨ᠎ᠠ ᠰᠢᠪᠠᠷ ᠢ ᠭᠢᠰᠬᠢᠳᠡᠭ ᠸᠠᠭᠠᠷᠴᠢᠨ ᠠᠳᠠᠯᠢ ᠲᠡᠷᠡ ᠵᠢᠭᠤᠷᠠᠮᠠᠭ ᠢ ᠭᠢᠰᠬᠢᠬᠦ ᠮᠡᠲᠦ ᠪᠡᠷ ᠵᠠᠬᠢᠷᠤᠭᠴᠢᠳ ᠢ ᠭᠢᠰᠬᠢᠬᠦ ᠪᠡᠷ ᠢᠷᠡᠨ᠎ᠡ᠃
26 ᠬᠡᠨ ᠡᠬᠢᠨ ᠡᠴᠡ ᠪᠡᠨ ᠡᠭᠦᠨ ᠢ ᠢᠯᠡᠷᠬᠡᠶᠢᠯᠡᠵᠦ ᠪᠢᠳᠡᠨ ᠳᠦ ᠮᠡᠳᠡᠭᠦᠯᠪᠡ︖ ᠬᠡᠨ ᠡᠷᠲᠡᠨ ᠡᠴᠡ ᠢᠯᠡᠷᠬᠡᠶᠢᠯᠡᠵᠦ ᠪᠢᠳᠡᠨ ᠢᠶᠡᠷ 《ᠵᠥᠪ ᠪᠠᠢᠵᠠᠢ》 ᠭᠡᠵᠦ ᠬᠡᠯᠡᠭᠦᠯᠪᠡ︖ ᠲᠤᠩ᠋ᠬᠠᠭᠯᠠᠭᠴᠢ ᠠᠯᠠᠭ᠎ᠠ᠂ ᠰᠣᠨᠣᠰᠬᠠᠭᠴᠢ ᠠᠯᠠᠭ᠎ᠠ᠂ ᠦᠭᠡ ᠶᠢ ᠴᠢᠨᠢ ᠰᠣᠨᠣᠰᠣᠭᠴᠢ ᠴᠤ ᠠᠯᠠᠭ᠎ᠠ︕
27 ᠪᠢ ᠠᠩᠬ᠎ᠠ ᠤᠳᠠᠭ᠎ᠠ ᠪᠠᠨ ᠽᠢᠶᠣᠨ ᠳᠤ 《ᠠᠩ᠋ᠬᠠᠷ᠂ ᠲᠡᠳᠡᠭᠡᠷ ᠢ ᠠᠩ᠋ᠬᠠᠷ》 ᠭᠡᠰᠡᠨ ᠶᠤᠮ᠂ ᠪᠢ ᠶᠧᠷᠦ᠋ᠰᠠᠯᠧᠮ ᠳᠤ ᠪᠠᠶᠠᠷ ᠤᠨ ᠮᠡᠳᠡᠭᠡᠨ ᠦ ᠡᠯᠴᠢ ᠶᠢ ᠥᠭᠭᠥᠨ᠎ᠡ᠃
28 ᠪᠢ ᠬᠠᠷᠠᠬᠤ ᠳᠤ ᠬᠡᠨ ᠴᠤ ᠠᠯᠠᠭ᠎ᠠ ᠪᠢ ᠠᠰᠠᠭᠤᠬᠤ ᠳᠤ ᠬᠠᠷᠢᠭᠤᠯᠬᠤ ᠵᠥᠪᠯᠡᠭᠴᠢ ᠲᠡᠳᠡᠨ ᠦ ᠳᠤᠮᠳᠠ ᠠᠯᠠᠭ᠎ᠠ᠃
29 ᠬᠠᠷᠠ᠂ ᠲᠡᠳᠡ ᠪᠦᠭᠦᠳᠡ ᠳᠡᠮᠡᠢ᠂ ᠦᠢᠯᠡᠰ ᠨᠢ ᠤᠳᠬ᠎ᠠ ᠦᠭᠡᠢ ᠬᠥᠷᠥᠭ ᠤᠳ ᠨᠢ ᠬᠡᠢ ᠬᠣᠭᠣᠰᠣᠨ ᠪᠢᠯᠡ᠃