ᠢᠰᠠᠢᠶ᠎ᠠ ᠠᠷᠪᠠᠨ ᠨᠠᠢ᠌ᠮᠠ
ᠺᠦᠱ ᠤᠨ ᠲᠠᠯ᠎ᠠ ᠪᠠᠷ ᠬᠢ ᠡᠰᠢ ᠦᠵᠡᠭᠦᠯᠦᠯᠭᠡ
1 ᠥ᠂ ᠺᠦᠱ ᠤᠨ ᠭᠣᠣᠯ ᠤᠳ ᠤᠨ ᠴᠠᠭᠠᠨᠠᠬᠢ ᠳᠡᠷᠪᠡᠬᠦ ᠵᠢᠭᠦᠷ ᠦᠨ ᠨᠤᠲᠤᠭ ᠡ᠂
2 ᠲᠠ ᠨᠠᠷ ᠵᠡᠭᠡᠰᠦᠨ ᠵᠠᠪᠢ ᠪᠠᠨ ᠤᠰᠤᠨ ᠳᠤ ᠣᠷᠣᠭᠤᠯᠵᠤ ᠳᠠᠯᠠᠢ ᠪᠠᠷ ᠡᠯᠴᠢᠳ ᠢᠶᠠᠨ ᠢᠯᠡᠭᠡᠵᠦ ᠪᠠᠢᠨ᠎ᠠ᠂ ᠰᠢᠭᠤᠷᠬᠠᠢ ᠡᠯᠴᠢᠳ ᠡ᠂ ᠡᠷᠭᠢᠵᠦ ᠶᠠᠪᠤ ᠭᠣᠣᠯ ᠤᠳ ᠢᠶᠠᠷ ᠵᠠᠭᠠᠭᠯᠠᠭᠳᠠᠭᠰᠠᠨ ᠨᠤᠲᠤᠭ ᠤᠷᠤᠭᠤ ᠪᠠᠨ ᠬᠣᠯᠠ ᠣᠢᠷ᠎ᠠ ᠶᠢ ᠠᠶᠤᠯᠭᠠᠳᠠᠭ ᠥᠨᠳᠥᠷ ᠪᠡᠶ᠎ᠡ ᠲᠠᠢ᠂ ᠵᠥᠭᠡᠯᠡᠨ ᠠᠷᠠᠰᠤ ᠲᠠᠢ᠂ ᠬᠦᠴᠦᠲᠡᠢ᠂ ᠢᠯᠠᠭᠤᠭᠰᠠᠨ ᠦᠨᠳᠦᠰᠦᠲᠡᠨ ᠤᠷᠤᠭᠤ ᠪᠠᠨ ᠪᠤᠴᠠ᠃
3 ᠶᠢᠷᠲᠢᠨᠴᠦ ᠶᠢᠨ ᠰᠠᠭᠤᠭᠠᠯᠢᠴᠢᠳ᠂ ᠭᠠᠵᠠᠷ ᠳᠡᠭᠡᠷ᠎ᠡ ᠠᠮᠢᠳᠤᠷᠠᠭᠴᠢᠳ ᠪᠦᠭᠦᠳᠡ ᠡ ᠲᠣᠯᠣᠭᠠᠳ ᠤᠨ ᠳᠡᠭᠡᠷ᠎ᠡ ᠲᠤᠭ ᠮᠠᠨᠳᠤᠬᠤ ᠳᠤ ᠲᠡᠭᠦᠨ ᠢ ᠬᠠᠷ᠎ᠠ ᠪᠦᠷᠢᠶ᠎ᠡ ᠦᠯᠢᠶᠡᠬᠦ ᠳᠦ ᠲᠡᠭᠦᠨ ᠢ ᠰᠣᠨᠣᠰ᠃
4 ᠶᠣᠬᠣᠸᠠ ᠨᠠᠳᠠ ᠳᠤ ᠡᠢᠨ ᠬᠦ ᠠᠢᠯᠠᠳᠪᠠ᠄ 《ᠪᠢ ᠭᠡᠷᠡᠯ ᠦᠨ ᠬᠠᠯᠠᠭᠤᠨ ᠢᠯᠴᠢ ᠮᠡᠲᠦ ᠬᠤᠷᠢᠶᠠᠯᠲᠠ ᠶᠢᠨ ᠬᠠᠯᠠᠭᠤᠨ ᠴᠠᠭ ᠤᠨ ᠰᠢᠭᠦᠳᠡᠷᠢ ᠶᠢᠨ ᠡᠭᠦᠯᠡ ᠮᠡᠲᠦ ᠴᠢᠮᠡᠭᠡ ᠦᠭᠡᠢ ᠪᠠᠷ ᠥᠪᠡᠷ ᠦᠨ ᠣᠷᠣᠰᠢᠬᠤ ᠭᠠᠵᠠᠷ ᠠᠴᠠ ᠠᠵᠢᠭᠯᠠᠬᠤ ᠪᠣᠯᠣᠨ᠎ᠠ᠃》
5 ᠬᠤᠷᠢᠶᠠᠯᠲᠠ ᠶᠢᠨ ᠡᠮᠦᠨ᠎ᠡ ᠴᠡᠴᠡᠭ ᠵᠤᠯᠭᠠᠷᠠᠵᠤ ᠦᠵᠦᠮ ᠪᠣᠯᠪᠠᠰᠤᠷᠠᠬᠤ ᠳᠤ ᠰᠠᠯᠠᠭ᠎ᠠ ᠨᠤᠭᠤᠳ ᠢ ᠨᠢ ᠲᠡᠷᠡ ᠬᠢᠲᠤᠭ᠎ᠠ ᠪᠠᠷ ᠱᠤᠯᠤᠨᠠ ᠰᠤᠨᠤᠭᠰᠠᠨ ᠮᠥᠴᠢᠷ ᠤᠳ ᠢ ᠲᠡᠷᠡ ᠲᠠᠰᠤᠳᠠᠵᠤ ᠬᠠᠶᠠᠨ᠎ᠠ᠃
6 ᠲᠡᠳᠡ ᠬᠠᠮᠲᠤ ᠳᠠᠭᠠᠨ ᠠᠭᠤᠯᠠ ᠶᠢᠨ ᠮᠢᠬᠠᠴᠢᠨ ᠰᠢᠪᠠᠭᠤᠳ ᠭᠠᠵᠠᠷ ᠤᠨ ᠠᠷᠢᠶᠠᠲᠠᠨ ᠨᠤᠭᠤᠳ ᠤᠨ ᠲᠥᠯᠥᠭᠡ ᠬᠠᠶᠠᠭᠳᠠᠨ᠎ᠠ ᠰᠢᠪᠠᠭᠤᠳ ᠲᠡᠳᠡᠨ ᠦ ᠳᠡᠭᠡᠷ᠎ᠡ ᠵᠤᠰᠠᠵᠤ ᠠᠷᠢᠶᠠᠲᠠᠳ ᠲᠡᠳᠡᠨ ᠦ ᠳᠡᠭᠡᠷ᠎ᠡ ᠡᠪᠦᠯᠵᠢᠨ᠎ᠡ᠃
7 ᠲᠡᠷᠡ ᠴᠠᠭ ᠲᠤ ᠭᠣᠣᠯ ᠤᠳ ᠢᠶᠠᠷ ᠵᠠᠭᠠᠭᠯᠠᠭᠳᠠᠭᠰᠠᠨ ᠨᠤᠲᠤᠭ ᠤᠨ ᠬᠣᠯᠠ ᠣᠢᠷ᠎ᠠ ᠶᠢ ᠠᠶᠤᠯᠭᠠᠳᠠᠭ᠂ ᠥᠨᠳᠥᠷ ᠪᠡᠶ᠎ᠡ ᠲᠠᠢ᠂ ᠵᠥᠭᠡᠯᠡᠨ ᠠᠷᠠᠰᠤ ᠲᠠᠢ᠂ ᠬᠦᠴᠦᠲᠡᠢ᠂ ᠢᠯᠠᠭᠤᠭᠰᠠᠨ ᠦᠨᠳᠦᠰᠦᠲᠡᠨ ᠠᠤᠭ᠎ᠠ ᠬᠦᠴᠦᠲᠦ ᠶᠣᠬᠣᠸᠠ ᠳᠤ ᠪᠡᠯᠡᠭ ᠠᠪᠴᠢᠷᠠᠨ᠎ᠠ ᠠᠤᠭ᠎ᠠ ᠬᠦᠴᠦᠲᠦ ᠶᠣᠬᠣᠸᠠ ᠶᠢᠨ ᠨᠡᠷ᠎ᠡ ᠪᠤᠢ ᠭᠠᠵᠠᠷ᠂ ᠽᠢᠶᠣᠨ ᠠᠭᠤᠯᠠᠨ ᠳᠤ ᠠᠪᠴᠢᠷᠠᠨ᠎ᠠ᠃