1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠠᠷᠪᠠᠨ ᠳᠥᠷᠪᠡ

1 ᠶᠣᠬᠣᠸᠠ ᠶᠠᠺᠣᠪ ᠢ ᠥᠷᠥ ᠡᠪᠡᠳᠦᠨ᠂ ᠢᠰᠷᠧᠯ ᠢ ᠳᠠᠬᠢᠨ ᠰᠣᠩ᠋ᠭᠣᠵᠤ᠂ ᠥᠪᠡᠷ ᠦᠨ ᠬᠢᠨᠢ ᠨᠤᠲᠤᠭ ᠲᠤ ᠰᠠᠭᠤᠷᠢᠰᠢᠭᠤᠯᠤᠨ᠎ᠠ᠂ ᠬᠠᠷᠢ ᠶᠢᠨ ᠬᠥᠮᠦᠰ ᠲᠡᠳᠡᠨ ᠲᠡᠢ ᠨᠡᠢᠯᠡᠵᠦ᠂ ᠶᠠᠺᠣᠪ ᠤᠨ ᠭᠡᠷ ᠲᠦ ᠨᠢᠭᠡᠳᠦᠨ᠎ᠡ᠃ 2 ᠦᠨᠳᠦᠰᠦᠲᠡᠨ ᠨᠦᠭᠦᠳ ᠲᠡᠳᠡᠨ ᠢ ᠥᠪᠡᠷᠰᠡᠳ ᠦᠨ ᠬᠢᠨᠢ ᠨᠤᠲᠤᠭ ᠲᠤ ᠠᠪᠴᠢᠷᠠᠨ᠎ᠠ᠃ ᠢᠰᠷᠧᠯ ᠤᠨ ᠭᠡᠷ ᠶᠣᠬᠣᠸᠠ ᠶᠢᠨ ᠨᠤᠲᠤᠭ ᠲᠤ ᠲᠡᠳᠡᠨ ᠢ ᠵᠠᠷᠤᠴᠠ ᠰᠢᠪᠡᠭᠴᠢᠳ ᠪᠣᠯᠭᠠᠨ ᠡᠵᠡᠮᠰᠢᠵᠦ᠂ ᠥᠪᠡᠷᠰᠡᠳ ᠢ ᠨᠢ ᠣᠯᠵᠠᠯᠠᠭᠰᠠᠳ ᠢ ᠣᠯᠵᠠᠯᠠᠨ ᠥᠪᠡᠷᠰᠡᠳ ᠢ ᠨᠢ ᠳᠠᠷᠤᠯᠠᠭᠴᠢᠳ ᠢ ᠵᠠᠬᠢᠷᠬᠤ ᠪᠣᠯᠣᠨ᠎ᠠ᠃

3 ᠶᠣᠬᠣᠸᠠ ᠴᠢᠮᠠᠶᠢ ᠵᠣᠪᠠᠯᠠᠩ᠂ ᠵᠦᠳᠡᠭᠦᠷᠢ ᠪᠣᠯᠣᠨ ᠬᠦᠨᠳᠦ ᠪᠣᠭᠣᠯᠴᠢᠯᠠᠯ ᠠᠴᠠ ᠴᠢᠨᠢ ᠠᠮᠠᠷᠠᠭᠠᠬᠤ ᠡᠳᠦᠷ 4 ᠴᠢ ᠪᠠᠪᠢᠯᠣᠨ ᠤ ᠬᠠᠭᠠᠨ ᠢ ᠶᠥᠭᠡᠳᠡᠨ ᠡᠢᠨ ᠬᠦ ᠳᠠᠭᠤᠯᠠᠨ᠎ᠠ᠄ 《ᠥ᠂ ᠳᠠᠷᠤᠩ᠋ᠭᠤᠢᠯᠠᠭᠴᠢ ᠳᠠᠭᠤᠰᠤᠯ᠎ᠠ ᠳᠣᠭᠰᠢᠨ ᠶᠠᠪᠤᠳᠠᠯ ᠨᠢ ᠳᠠᠭᠤᠰᠤᠯ᠎ᠠ
5 ᠪᠤᠷᠤᠭᠤᠲᠠᠳ ᠤᠨ ᠰᠢᠳᠠᠮ ᠢ ᠵᠠᠬᠢᠷᠤᠭᠴᠢᠳ ᠤᠨ ᠲᠠᠶᠠᠭ ᠢ ᠶᠣᠬᠣᠸᠠ ᠬᠤᠭᠤᠯᠵᠠᠢ᠃
6 ᠲᠡᠳᠡ ᠠᠭᠤᠷ ᠲᠠᠢ ᠪᠠᠷ ᠦᠨᠳᠦᠰᠦᠲᠡᠨ ᠨᠦᠭᠦᠳ ᠢ ᠵᠣᠭᠰᠣᠯᠲᠠ ᠦᠭᠡᠢ ᠴᠣᠬᠢᠯᠠᠨ ᠴᠣᠬᠢᠯᠠᠭᠰᠠᠭᠠᠷ ᠬᠢᠯᠢᠩ ᠲᠠᠢ ᠪᠠᠷ ᠭᠦᠷᠦᠨ ᠨᠦᠭᠦᠳ ᠢ ᠬᠣᠷᠢᠭ᠎ᠠ ᠦᠭᠡᠢ ᠳᠠᠷᠤᠯᠠᠨ ᠳᠠᠷᠤᠯᠠᠭᠰᠠᠭᠠᠷ ᠪᠠᠢᠭᠰᠠᠨ᠂
7 ᠪᠦᠬᠦ ᠭᠠᠵᠠᠷ ᠠᠮᠤᠷ ᠵᠢᠮᠦᠷ ᠪᠣᠯᠣᠯ᠎ᠠ ᠪᠠᠶᠠᠷ ᠤᠨ ᠤᠤᠬᠠᠢ ᠬᠠᠳᠠᠵᠤ ᠪᠠᠢᠨ᠎ᠠ᠂
8 ᠴᠢᠨᠦ ᠤᠯᠠᠮ ᠢᠶᠠᠷ ᠨᠠᠷᠠᠰᠤ ᠨᠤᠭᠤᠳ ᠴᠤ᠂ ᠯᠧᠪᠠᠨᠣᠨ ᠤ ᠬᠤᠱᠢ ᠮᠣᠳᠣ ᠴᠤ ᠪᠠᠶᠠᠷᠯᠠᠨ᠄ 〈ᠴᠢ ᠤᠨᠠᠵᠠᠢ᠂ ᠪᠢᠳᠡᠨ ᠢ ᠴᠠᠪᠴᠢᠬᠤ ᠪᠠᠷ ᠢᠷᠡᠬᠦ ᠬᠥᠮᠦᠨ ᠠᠯᠠᠭ᠎ᠠ ᠪᠣᠯᠣᠯ᠎ᠠ〉 ᠭᠡᠨ᠎ᠡ᠃
9 ᠴᠢᠮᠠᠶᠢ ᠬᠦᠯᠢᠶᠡᠨ ᠠᠪᠬᠤ ᠪᠠᠷ ᠳᠣᠣᠷ᠎ᠠ ᠠᠴᠠ ᠦᠬᠦᠭᠰᠡᠳ ᠦᠨ ᠣᠷᠣᠨ ᠬᠥᠭᠡᠷᠴᠦ ᠴᠢᠮᠠᠶᠢ ᠤᠭᠲᠤᠬᠤ ᠪᠠᠷ ᠦᠬᠦᠭᠰᠡᠳ ᠪᠣᠯᠣᠨ ᠳᠡᠯᠡᠬᠡᠢ ᠶᠢᠨ ᠤᠳᠤᠷᠢᠳᠤᠭᠴᠢᠳ ᠪᠠᠢᠭᠰᠠᠨ ᠪᠦᠭᠦᠳᠡ ᠶᠢ ᠰᠡᠷᠢᠭᠡᠨ ᠦᠨᠳᠦᠰᠦᠲᠡᠨ ᠨᠦᠭᠦᠳ ᠦᠨ ᠬᠠᠭᠠᠳ ᠪᠠᠢᠭᠰᠠᠨ ᠪᠦᠭᠦᠳᠡ ᠶᠢ ᠰᠡᠨᠲᠢ ᠡᠴᠡ ᠨᠢ ᠪᠣᠰᠬᠠᠨ᠎ᠠ᠃
10 ᠲᠡᠳᠡ ᠪᠦᠭᠦᠳᠡ ᠴᠢᠮ᠎ᠠ ᠳᠤ ᠦᠭᠡ ᠶᠠᠷᠢᠵᠤ᠄ 〈ᠴᠢ ᠴᠤ ᠪᠢᠳᠡᠨ ᠲᠡᠢ ᠠᠳᠠᠯᠢ ᠪᠢᠳᠡ ᠰᠢᠭ ᠳᠣᠷᠣᠢ ᠪᠣᠯᠵᠠᠢ
11 ᠢᠷᠠᠭᠤ ᠠᠯᠳᠠᠷ ᠴᠢᠨᠢ ᠶᠠᠲᠤᠭ᠎ᠠ ᠶᠢᠨ ᠴᠢᠨᠢ ᠳᠠᠭᠤ ᠲᠠᠢ ᠬᠠᠮᠲᠤ ᠦᠬᠦᠭᠰᠡᠳ ᠦᠨ ᠣᠷᠣᠨ ᠤᠷᠤᠭᠤ ᠤᠷᠤᠭᠤᠳᠠᠵᠠᠢ ᠥᠲᠥ ᠨᠢ ᠴᠢᠨᠦ ᠳᠡᠪᠢᠰᠬᠡᠷ ᠬᠣᠷᠣᠬᠠᠢ ᠴᠢᠨᠦ ᠬᠥᠨᠵᠢᠯᠡ ᠪᠣᠯᠣᠨ᠎ᠠ〉 ᠭᠡᠨ᠎ᠡ᠂
12 ᠥ᠂ ᠦᠷ ᠦᠨ ᠬᠦᠦ᠂ ᠭᠢᠯᠪᠠᠭᠠᠲᠤ ᠴᠣᠯᠮᠣᠨ ᠴᠢ ᠲᠩᠷᠢ ᠡᠴᠡ ᠤᠨᠠᠪᠠ ᠦᠨᠳᠦᠰᠦᠲᠡᠨ ᠨᠦᠭᠦᠳ ᠢ ᠡᠵᠡᠯᠡᠭᠰᠡᠨ ᠴᠢ ᠴᠠᠪᠴᠢᠭᠳᠠᠨ ᠭᠠᠵᠠᠷ ᠲᠤ ᠬᠠᠶᠠᠭᠳᠠᠪᠠ︕
13 ᠤᠴᠢᠷ ᠨᠢ ᠴᠢ ᠰᠡᠳᠬᠢᠯ ᠳᠡᠭᠡᠨ 〈ᠪᠢ ᠲᠩᠷᠢ ᠥᠭᠡᠳᠡ ᠭᠠᠷᠤᠨ᠎ᠠ ᠪᠢ ᠪᠤᠷᠬᠠᠨ ᠤ ᠣᠳᠣᠳ ᠤᠨ ᠳᠡᠭᠡᠷ᠎ᠡ ᠰᠡᠨᠲᠢ ᠪᠠᠨ ᠪᠣᠰᠬᠠᠨ᠎ᠠ ᠬᠤᠷᠠᠯ ᠤᠨ ᠠᠭᠤᠯᠠᠨ ᠳᠡᠭᠡᠷ᠎ᠡ᠂ ᠠᠷᠢᠭᠤᠨ ᠠᠭᠤᠯᠠ ᠶᠢᠨ ᠣᠷᠣᠢ ᠳᠡᠭᠡᠷ᠎ᠡ ᠵᠠᠯᠠᠷᠠᠨ᠎ᠠ᠃
14 ᠪᠢ ᠡᠭᠦᠯᠡᠰ ᠦᠨ ᠣᠷᠣᠢ ᠳᠡᠭᠡᠭᠦᠷ ᠭᠠᠷᠤᠨ᠎ᠠ ᠪᠢ ᠬᠠᠮᠤᠭ ᠤᠨ ᠳᠡᠭᠡᠳᠦ ᠨᠢᠭᠡᠨ ᠯᠦᠭᠡ ᠠᠳᠠᠯᠢ ᠪᠣᠯᠣᠨ᠎ᠠ〉 ᠭᠡᠰᠡᠨ᠃
15 ᠬᠠᠷᠢᠨ ᠴᠢ ᠦᠬᠦᠭᠰᠡᠳ ᠦᠨ ᠣᠷᠣᠨ ᠤᠷᠤᠭᠤ ᠬᠠᠮᠤᠭ ᠤᠨ ᠭᠦᠨ ᠨᠦᠬᠡ ᠤᠷᠤᠭᠤ ᠬᠠᠶᠠᠭᠳᠠᠨ᠎ᠠ᠃
16 ᠴᠢᠮᠠᠶᠢ ᠬᠠᠷᠠᠬᠤ ᠬᠥᠮᠦᠨ ᠪᠣᠯᠭᠠᠨ ᠴᠢᠮᠠᠶᠢ ᠠᠩ᠋ᠬᠠᠷᠤᠯ ᠲᠠᠢ ᠰᠢᠷᠲᠡᠵᠦ 〈ᠳᠡᠯᠡᠬᠡᠢ ᠶᠢ ᠳᠣᠩᠰᠣᠯᠭᠠᠨ ᠬᠠᠭᠠᠨᠴᠢᠯᠠᠯ ᠤᠳ ᠢ ᠴᠡᠴᠡᠷᠡᠭᠦᠯᠦᠭᠰᠡᠨ ᠬᠥᠮᠦᠨ ᠡᠨᠡ ᠮᠥᠨ ᠤᠤ︖
17 ᠬᠣᠷᠸ᠎ᠠ ᠶᠢ ᠴᠥᠯ ᠮᠡᠲᠦ ᠬᠣᠭᠣᠰᠣᠷᠠᠭᠤᠯᠵᠤ ᠬᠣᠲᠠ ᠨᠤᠭᠤᠳ ᠢ ᠨᠢ ᠬᠥᠮᠥᠷᠢᠵᠦ ᠣᠯᠵᠠᠯᠠᠭᠰᠠᠳ ᠢᠶᠠᠨ ᠭᠡᠷ ᠲᠤᠨᠢ ᠦᠯᠦ ᠬᠠᠷᠢᠭᠤᠯᠤᠭᠰᠠᠨ ᠬᠥᠮᠦᠨ ᠡᠨᠡ ᠤᠤ︖〉 ᠭᠡᠵᠡᠭᠡᠨ᠎ᠡ᠃
18 ᠦᠨᠳᠦᠰᠦᠲᠡᠨ ᠨᠦᠭᠦᠳ ᠦᠨ ᠬᠠᠭᠠᠳ ᠪᠦᠭᠦᠳᠡ ᠠᠯᠳᠠᠷ ᠳᠣᠲᠣᠷ᠎ᠠ ᠥᠪᠡᠷᠰᠡᠳ ᠦᠨ ᠢᠶᠠᠨ ᠪᠤᠯᠠᠰᠢᠨ ᠳᠤ ᠬᠡᠪᠲᠡᠵᠦ ᠪᠠᠢᠬᠤ ᠳᠤ
19 ᠴᠢ ᠵᠢᠭᠰᠢᠭᠦᠷᠢᠲᠦ ᠭᠢᠰᠢᠭᠦᠦ ᠮᠡᠲᠦ ᠪᠤᠯᠠᠰᠢᠨ ᠠᠴᠠ ᠪᠠᠨ ᠭᠠᠳᠠᠨ᠎ᠠ ᠬᠠᠶᠠᠭᠳᠠᠪᠠ ᠴᠢ ᠢᠯᠳᠦᠨ ᠳᠦ ᠬᠠᠳᠬᠤᠭᠤᠯᠵᠤ ᠴᠢᠯᠠᠭᠤ ᠲᠠᠢ ᠨᠦᠬᠡᠨ ᠳᠦ ᠬᠠᠶᠠᠭᠳᠠᠭᠰᠠᠨ ᠬᠡᠭᠦᠷ ᠤᠳ ᠤᠨ ᠪᠦᠲᠡᠭᠡᠯᠭᠡ ᠮᠡᠲᠦ ᠪᠣᠯᠣᠨ᠎ᠠ᠃ ᠴᠢ ᠭᠢᠰᠬᠢᠭᠳᠡᠭᠰᠡᠨ ᠦᠬᠦᠳᠡᠯ ᠮᠡᠲᠦ ᠪᠣᠯᠵᠤ
20 ᠪᠤᠰᠤᠳ ᠲᠠᠢ ᠬᠠᠮᠲᠤ ᠪᠤᠯᠠᠰᠢᠨ ᠳᠤ ᠨᠡᠢᠯᠡᠬᠦ ᠦᠭᠡᠢ ᠤᠴᠢᠷ ᠨᠢ ᠴᠢ ᠥᠪᠡᠷ ᠦᠨ ᠢᠶᠠᠨ ᠨᠤᠲᠤᠭ ᠢ ᠰᠦᠢᠷᠡᠭᠦᠯᠵᠦ ᠥᠪᠡᠷ ᠦᠨ ᠢᠶᠠᠨ ᠠᠷᠠᠳ ᠲᠦᠮᠡᠨ ᠢ ᠰᠥᠨᠥᠭᠡᠭᠰᠡᠨ ᠶᠤᠮ᠃ ᠮᠠᠭᠤ ᠶᠢ ᠦᠢᠯᠡᠳᠦᠭᠴᠢ ᠶᠢᠨ ᠦᠷ᠎ᠡ ᠤᠳᠤᠮ ᠳᠠᠬᠢᠨ ᠬᠡᠵᠢᠶ᠎ᠡ ᠴᠤ ᠳᠤᠷᠠᠰᠤᠭᠳᠠᠬᠤ ᠦᠭᠡᠢ᠃
21 ᠬᠥᠪᠡᠭᠦᠳ ᠢ ᠨᠢ ᠡᠴᠢᠭᠡᠴᠦᠦᠯ ᠦᠨ ᠬᠢᠨᠢ ᠨᠢᠭᠦᠯ ᠦᠨ ᠤᠯᠠᠮ ᠢᠶᠠᠷ ᠴᠠᠭᠠᠵᠠᠯᠠᠬᠤ ᠲᠠᠪᠴᠠᠩ ᠢ ᠪᠡᠯᠡᠳᠬᠡᠭᠲᠦᠨ᠂ ᠲᠡᠳᠡ ᠪᠣᠰᠴᠤ ᠭᠠᠵᠠᠷ ᠢ ᠡᠵᠡᠮᠰᠢᠬᠦ ᠪᠠ ᠭᠠᠵᠠᠷ ᠢ ᠥᠪᠡᠷᠰᠡᠳ ᠦᠨ ᠢᠶᠠᠨ ᠬᠣᠲᠠᠳ ᠢᠶᠠᠷ ᠳᠦᠭᠦᠷᠭᠡᠬᠦ ᠪᠤᠢ᠃》

22 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《ᠪᠢ ᠲᠡᠳᠡᠨ ᠦ ᠡᠰᠡᠷᠭᠦ ᠪᠣᠰᠣᠨ᠎ᠠ》᠂ 《ᠪᠢ ᠪᠠᠪᠢᠯᠣᠨ ᠤ ᠨᠡᠷ᠎ᠡ ᠶᠢ᠂ ᠮᠥᠨ ᠠᠮᠢᠳᠤ ᠦᠯᠡᠳᠡᠭᠰᠡᠳ᠂ ᠦᠷ᠎ᠡ ᠤᠳᠤᠮ ᠪᠠ ᠬᠣᠢᠴᠢ ᠦᠶ᠎ᠡ ᠶᠢ ᠨᠢ ᠤᠰᠠᠳᠬᠠᠨ᠎ᠠ᠂》 23 《ᠪᠢ ᠪᠠᠪᠢᠯᠣᠨ ᠢ ᠵᠠᠷᠠᠭᠠᠨ ᠤ ᠡᠵᠡᠮᠰᠢᠯ᠂ ᠤᠰᠤ ᠲᠠᠢ ᠨᠠᠮᠤᠭ ᠪᠣᠯᠭᠠᠵᠤ᠂ ᠰᠦᠢᠷᠡᠭᠦᠯᠦᠭᠴᠢ ᠱᠦᠭᠦᠷ ᠢᠶᠡᠷ ᠠᠷᠢᠯᠭᠠᠨ᠎ᠠ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃
 ᠠᠰᠢᠷᠢᠶ᠎ᠠ ᠶᠢᠨ ᠲᠠᠯ᠎ᠠ ᠪᠠᠷ ᠬᠢ ᠡᠰᠢ ᠦᠵᠡᠭᠦᠯᠦᠯᠭᠡ

24 ᠠᠤᠭ᠎ᠠ ᠬᠦᠴᠦᠲᠦ ᠶᠣᠬᠣᠸᠠ ᠲᠠᠩ᠋ᠭᠠᠷᠢᠭᠯᠠᠨ᠄ 《ᠪᠣᠳᠣᠭᠰᠠᠨ ᠶᠣᠰᠣᠭᠠᠷ ᠮᠢᠨᠢ ᠵᠠᠪᠠᠯ ᠪᠡᠶᠡᠯᠡᠵᠦ᠂ ᠰᠢᠢᠳᠦᠭᠰᠡᠨ ᠶᠣᠰᠣᠭᠠᠷ ᠮᠢᠨᠢ ᠵᠠᠪᠠᠯ ᠪᠦᠲᠦᠨ᠎ᠡ᠃ 25 ᠪᠢ ᠠᠰᠢᠷᠢᠶ᠎ᠠ ᠶᠢ ᠥᠪᠡᠷ ᠦᠨ ᠢᠶᠠᠨ ᠭᠠᠵᠠᠷ ᠲᠤ ᠤᠰᠠᠳᠬᠠᠨ᠂ ᠥᠪᠡᠷ ᠦᠨ ᠢᠶᠠᠨ ᠠᠭᠤᠯᠠᠨ ᠳᠡᠭᠡᠷ᠎ᠡ ᠭᠢᠰᠬᠢᠨ᠎ᠡ᠃ ᠲᠡᠭᠦᠨ ᠦ ᠪᠤᠭᠤᠯᠠᠭ᠎ᠠ ᠠᠷᠠᠳ ᠲᠦᠮᠡᠨ ᠡᠴᠡ ᠮᠢᠨᠢ ᠵᠠᠢᠯᠠᠵᠤ᠂ ᠲᠡᠭᠦᠨ ᠦ ᠠᠴᠢᠶ᠎ᠠ ᠲᠡᠳᠡᠨ ᠦ ᠮᠥᠷᠥ ᠡᠴᠡ ᠰᠠᠯᠤᠨ᠎ᠠ᠃ 26 ᠪᠦᠬᠦ ᠳᠡᠯᠡᠬᠡᠢ ᠶᠢᠨ ᠲᠥᠯᠥᠭᠡ ᠰᠢᠢᠳᠦᠭᠰᠡᠨ ᠰᠢᠢᠳᠪᠦᠷᠢ ᠡᠨᠡ᠂ ᠦᠨᠳᠦᠰᠦᠲᠡᠨ ᠨᠦᠭᠦᠳ ᠦᠨ ᠳᠡᠭᠡᠷ᠎ᠡ ᠰᠤᠩ᠋ᠭᠠᠭᠰᠠᠨ ᠮᠤᠲᠤᠷ ᠡᠨᠡ᠃ 27 ᠠᠤᠭ᠎ᠠ ᠬᠦᠴᠦᠲᠦ ᠶᠣᠬᠣᠸᠠ ᠰᠢᠢᠳᠦᠭᠰᠡᠨ᠂ ᠬᠡᠨ ᠴᠤᠴᠠᠯᠤᠨ᠎ᠠ ᠪᠤᠢ︖ ᠲᠡᠭᠦᠨ ᠦ ᠮᠤᠲᠤᠷ ᠰᠤᠩ᠋ᠭᠠᠭᠰᠠᠨ᠂ ᠬᠡᠨ ᠪᠤᠴᠠᠭᠠᠨ᠎ᠠ ᠪᠤᠢ︖》 ᠭᠡᠪᠡ᠃
 ᠹᠢᠯᠢᠰᠲ ᠤᠨ ᠲᠠᠯ᠎ᠠ ᠪᠠᠷ ᠬᠢ ᠡᠰᠢ ᠦᠵᠡᠭᠦᠯᠦᠯᠭᠡ
28 ᠠᠬᠠᠽ ᠬᠠᠭᠠᠨ ᠤ ᠥᠭᠡᠳᠡ ᠪᠣᠯᠣᠭᠰᠠᠨ ᠵᠢᠯ ᠡᠨᠡ ᠰᠡᠷᠡᠮᠵᠢᠯᠡᠭᠦᠯᠦᠯᠭᠡ ᠢᠷᠡᠯ᠎ᠡ᠃
29 《ᠪᠦᠬᠦ ᠹᠢᠯᠢᠰᠲ ᠡ ᠥᠪᠡᠷᠰᠡᠳ ᠢ ᠴᠢᠨᠢ ᠴᠣᠬᠢᠳᠠᠭ ᠰᠢᠳᠠᠮ ᠬᠤᠭᠤᠷᠠᠯ᠎ᠠ ᠭᠡᠵᠦ ᠪᠦᠦ ᠪᠠᠶᠠᠰ ᠥᠨᠥᠬᠢ ᠮᠣᠭᠠᠢ ᠶᠢᠨ ᠦᠨᠳᠦᠰᠦᠨ ᠡᠴᠡ ᠬᠣᠣᠷᠲᠤ ᠮᠣᠭᠠᠢ ᠭᠠᠷᠴᠤ ᠦᠷ᠎ᠡ ᠵᠢᠮᠢᠰ ᠨᠢ ᠨᠢᠰᠳᠡᠭ ᠭᠠᠯᠲᠤ ᠮᠣᠭᠠᠢ ᠪᠣᠯᠣᠨ᠎ᠠ᠃
30 ᠦᠭᠡᠭᠦᠦᠴᠦᠳ ᠦᠨ ᠤᠤᠭᠠᠨ ᠬᠦᠦ ᠲᠠᠷᠭᠤᠨ ᠴᠠᠳᠬᠤᠯᠠᠩ ᠪᠣᠯᠵᠤ ᠶᠠᠳᠠᠭᠤᠰ ᠠᠶᠤᠯ ᠦᠭᠡᠢ ᠠᠮᠤᠭᠤᠯᠠᠩ ᠬᠡᠪᠲᠡᠬᠦ ᠳᠦ ᠪᠢ ᠦᠨᠳᠦᠰᠦ ᠶᠢ ᠴᠢᠨᠢ ᠥᠯᠥᠰᠬᠥᠯᠡᠩ ᠢᠶᠡᠷ ᠦᠬᠦᠭᠦᠯᠦᠨ᠎ᠡ ᠦᠯᠡᠳᠡᠭᠰᠡᠳ ᠢ ᠴᠢᠨᠢ ᠲᠡᠷᠡ ᠠᠯᠠᠨ᠎ᠠ᠃
31 ᠬᠠᠭᠠᠯᠭ᠎ᠠ ᠡ᠂ ᠤᠬᠢᠯᠠ︕ ᠬᠣᠲᠠ ᠡ᠂ ᠬᠠᠰᠬᠢᠷ︕ ᠹᠢᠯᠢᠰᠲ᠋ᠴᠦᠳ ᠪᠦᠭᠦᠳᠡ ᠬᠠᠢᠯᠬᠤ ᠪᠣᠯᠣᠯ᠎ᠠ︕ ᠤᠮᠠᠷᠠᠲᠤ ᠠᠴᠠ ᠤᠲᠤᠭ᠎ᠠ ᠢᠷᠡᠵᠦ ᠪᠠᠢᠨ᠎ᠠ ᠡᠩᠨᠡᠭᠡᠨ ᠡᠴᠡ ᠪᠡᠨ ᠬᠣᠴᠣᠷᠣᠭᠴᠢ ᠭᠡᠵᠦ ᠠᠯᠠᠭ᠎ᠠ᠃
32 ᠲᠡᠷᠡ ᠦᠨᠳᠦᠰᠦᠲᠡᠨ ᠦ ᠡᠯᠴᠢᠳ ᠲᠤ ᠶᠠᠭᠠᠬᠢᠵᠤ ᠬᠠᠷᠢᠭᠤᠯᠬᠤ ᠪᠤᠢ︖ 〈ᠶᠣᠬᠣᠸᠠ ᠽᠢᠶᠣᠨ ᠢ ᠪᠠᠢᠭᠤᠯᠤᠭᠰᠠᠨ ᠵᠦᠳᠡᠷᠡᠭᠰᠡᠨ ᠠᠷᠠᠳ ᠲᠦᠮᠡᠨ ᠨᠢ ᠲᠡᠭᠦᠨ ᠳᠣᠲᠣᠷ᠎ᠠ ᠬᠣᠷᠭᠣᠳᠠᠨ᠎ᠠ᠃〉》