1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠵᠢᠷᠠᠨ ᠬᠣᠶᠠᠷ
 ᠰᠡᠷᠭᠦᠯᠲᠡ ᠪᠠ ᠬᠠᠷᠠᠭᠤᠯ ᠤᠳ
1 ᠵᠥᠪᠲᠥᠭᠡᠯ ᠨᠢ ᠥᠨᠢᠳᠡ ᠶᠢᠨ ᠭᠡᠭᠡ ᠮᠡᠲᠦ ᠠᠪᠤᠷᠠᠯ ᠨᠢ ᠳᠦᠷᠡᠯᠵᠡᠵᠦ ᠪᠠᠢᠭ᠎ᠠ ᠪᠠᠮᠪᠠᠷ ᠮᠡᠲᠦ ᠽᠢᠶᠣᠨ ᠤ ᠲᠥᠯᠥᠭᠡ ᠪᠢ ᠳᠠᠭᠤ ᠪᠠᠨ ᠬᠤᠷᠢᠶᠠᠬᠤ ᠦᠭᠡᠢ ᠶᠧᠷᠦ᠋ᠰᠠᠯᠧᠮ ᠤᠨ ᠲᠥᠯᠥᠭᠡ ᠴᠢᠮᠡᠭᠡ ᠦᠭᠡᠢ ᠪᠠᠢᠵᠤ ᠴᠢᠳᠠᠬᠤ ᠦᠭᠡᠢ᠃
2 ᠬᠠᠷᠢᠴᠤᠳ ᠵᠥᠪᠲᠥᠭᠡᠭᠳᠡᠬᠦ ᠶᠢ ᠴᠢᠨᠢ ᠬᠠᠷᠠᠨ᠎ᠠ᠂ ᠬᠠᠮᠤᠭ ᠬᠠᠭᠠᠨ ᠠᠯᠳᠠᠷ ᠢ ᠴᠢᠨᠢ ᠦᠵᠡᠨ᠎ᠡ ᠴᠢ ᠶᠣᠬᠣᠸᠠ ᠶᠢᠨ ᠠᠮᠠ ᠪᠠᠷ ᠢᠶᠠᠨ ᠨᠡᠷᠡᠯᠡᠭᠰᠡᠨ ᠰᠢᠨ᠎ᠡ ᠨᠡᠷ᠎ᠡ ᠪᠡᠷ ᠳᠠᠭᠤᠳᠠᠭᠳᠠᠵᠤ
3 ᠶᠣᠬᠣᠸᠠ ᠶᠢᠨ ᠮᠤᠲᠤᠷ ᠳᠠᠬᠢ ᠦᠵᠡᠰᠬᠦᠯᠡᠩᠲᠦ ᠲᠢᠲᠢᠮ ᠪᠤᠷᠬᠠᠨ ᠤ ᠪᠠᠨ ᠮᠤᠲᠤᠷ ᠳᠠᠬᠢ ᠬᠠᠭᠠᠨ ᠤ ᠮᠠᠯᠠᠭᠠᠢ ᠪᠣᠯᠣᠨ᠎ᠠ᠃
4 ᠳᠠᠬᠢᠨ ᠴᠢ 《ᠬᠠᠶᠠᠭᠳᠠᠭᠰᠠᠨ》 ᠭᠡᠵᠦ ᠨᠡᠷᠡᠯᠡᠭᠳᠡᠬᠦ ᠦᠭᠡᠢ ᠨᠤᠲᠤᠭ ᠴᠢᠨᠢ 《ᠡᠵᠡᠭᠦᠢᠷᠡᠭᠰᠡᠨ》 ᠭᠡᠭᠳᠡᠬᠦ ᠦᠭᠡᠢ ᠬᠠᠷᠢᠨ ᠴᠢ 《ᠮᠢᠨᠦ ᠲᠠᠭᠠᠯᠠᠯ ᠲᠡᠭᠦᠨ ᠳᠦ》 ᠭᠡᠭᠳᠡᠵᠦ ᠨᠤᠲᠤᠭ ᠴᠢᠨᠢ 《ᠬᠠᠨᠢ ᠲᠠᠢ》 ᠭᠡᠵᠦ ᠨᠡᠷᠡᠯᠡᠭᠳᠡᠨ᠎ᠡ ᠤᠴᠢᠷ ᠨᠢ ᠶᠣᠬᠣᠸᠠ ᠴᠢᠮᠠᠶᠢ ᠲᠠᠭᠠᠯᠠᠵᠤ ᠨᠤᠲᠤᠭ ᠴᠢᠨᠢ ᠬᠠᠨᠢ ᠲᠠᠢ ᠪᠠᠢᠬᠤ ᠪᠣᠯᠣᠨ᠎ᠠ᠃
5 ᠵᠠᠯᠠᠭᠤ ᠡᠷ᠎ᠡ ᠣᠩ᠋ᠭᠣᠨ ᠥᠬᠢᠨ ᠲᠠᠢ ᠭᠡᠷᠯᠡᠳᠡᠭ ᠰᠢᠭ ᠴᠢᠨᠦ ᠨᠤᠲᠤᠭ ᠤᠨ ᠬᠢᠨ ᠴᠢᠮ᠎ᠠ ᠲᠠᠢ ᠭᠡᠷᠯᠡᠨ᠎ᠡ ᠰᠦᠢᠲᠦ ᠵᠠᠯᠠᠭᠤ ᠰᠦᠢᠲᠦ ᠪᠦᠰᠡᠭᠦᠢ ᠪᠡᠨ ᠲᠠᠭᠠᠯᠠᠳᠠᠭ ᠰᠢᠭ᠋ ᠴᠢᠨᠦ ᠪᠤᠷᠬᠠᠨ ᠴᠢᠮᠠᠶᠢ ᠲᠠᠭᠠᠯᠠᠨ᠎ᠠ᠃

6 ᠶᠧᠷᠦ᠋ᠰᠠᠯᠧᠮ ᠡ ᠪᠢ ᠬᠡᠷᠡᠮ ᠳᠡᠭᠡᠷ᠎ᠡ ᠴᠢᠨᠢ ᠬᠠᠷᠠᠭᠤᠯ ᠤᠳ ᠢ ᠲᠠᠯᠪᠢᠯ᠎ᠠ ᠲᠡᠳᠡ ᠡᠳᠦᠷ ᠴᠤ᠂ ᠰᠥᠨᠢ ᠴᠤ ᠳᠠᠭᠤ ᠪᠠᠨ ᠬᠤᠷᠢᠶᠠᠬᠤ ᠦᠭᠡᠢ ᠶᠣᠬᠣᠸᠠ ᠶᠢ ᠰᠠᠨᠠᠭᠤᠯᠤᠭᠴᠢᠳ ᠡ ᠥᠪᠡᠷᠰᠡᠳ ᠢ ᠪᠠᠨ ᠪᠦᠦ ᠠᠮᠠᠷᠠᠭ᠎ᠠ᠂
7 ᠶᠧᠷᠦ᠋ᠰᠠᠯᠧᠮ ᠢ ᠪᠠᠲᠤᠵᠢᠭᠤᠯᠵᠤ᠂ ᠭᠠᠵᠠᠷ ᠤᠨ ᠮᠠᠭᠲᠠᠭᠠᠯ ᠪᠣᠯᠭᠠᠬᠤ ᠬᠦᠷᠲᠡᠯ᠎ᠡ ᠨᠢ ᠶᠣᠬᠣᠸᠠ ᠶᠢ ᠪᠦᠦ ᠠᠮᠠᠷᠠᠭ᠎ᠠ᠃
8 ᠶᠣᠬᠣᠸᠠ ᠥᠪᠡᠷ ᠦᠨ ᠢᠶᠠᠨ ᠪᠠᠷᠠᠭᠤᠨ ᠮᠤᠲᠤᠷ ᠢᠶᠠᠷ ᠬᠦᠴᠦᠲᠦ ᠮᠤᠲᠤᠷ ᠢᠶᠠᠷ ᠢᠶᠠᠨ ᠲᠠᠩ᠋ᠭᠠᠷᠢᠭᠯᠠᠯ᠎ᠠ᠄ 《ᠪᠢ ᠦᠷ᠎ᠡ ᠲᠠᠷᠢᠶ᠎ᠠ ᠶᠢ ᠴᠢᠨᠢ ᠳᠠᠬᠢᠨ ᠴᠢᠨᠦ ᠳᠠᠢᠰᠤᠨ ᠨᠤᠭᠤᠳ ᠲᠤ ᠬᠦᠨᠡᠰᠦ ᠪᠣᠯᠭᠠᠨ ᠥᠭᠬᠦ ᠦᠭᠡᠢ ᠬᠥᠳᠡᠯᠮᠦᠷᠢ ᠪᠠᠷ ᠣᠯᠣᠭᠰᠠᠨ ᠳᠠᠷᠠᠰᠤ ᠶᠢ ᠴᠢᠨᠢ ᠬᠠᠷᠢᠴᠤᠳ ᠲᠤ ᠤᠤᠭᠤᠯᠭᠠᠬᠤ ᠦᠭᠡᠢ᠂
9 ᠬᠠᠳᠤᠭᠴᠢᠳ ᠨᠢ ᠲᠡᠳᠡᠭᠡᠷ ᠢ ᠢᠳᠡᠵᠦ᠂ ᠶᠣᠬᠣᠸᠠ ᠶᠢ ᠮᠠᠭᠲᠠᠨ᠎ᠠ ᠬᠤᠷᠢᠶᠠᠭᠴᠢᠳ ᠨᠢ ᠲᠡᠳᠡᠭᠡᠷ ᠢ ᠠᠷᠢᠭᠤᠨ ᠭᠠᠵᠠᠷ ᠤᠨ ᠮᠢᠨᠢ ᠬᠠᠰᠢᠶᠠᠨ ᠳᠣᠲᠣᠷ᠎ᠠ ᠤᠤᠭᠤᠨ᠎ᠠ᠃》
10 ᠭᠠᠷ᠂ ᠬᠠᠭᠠᠯᠭ᠎ᠠ ᠪᠠᠷ ᠭᠠᠷ ᠠᠷᠠᠳ ᠲᠦᠮᠡᠨ ᠦ ᠮᠢᠨᠢ ᠢᠷᠡᠬᠦ ᠵᠠᠮ ᠢ ᠪᠡᠯᠡᠳᠵᠡᠭᠡ ᠲᠠᠯᠪᠢ᠂ ᠶᠡᠬᠡ ᠵᠠᠮ ᠢ ᠲᠠᠯᠪᠢ ᠴᠢᠯᠠᠭᠤ ᠶᠢ ᠨᠢ ᠵᠠᠢᠯᠠᠭᠤᠯᠵᠤ ᠦᠨᠳᠦᠰᠦᠲᠡᠨ ᠨᠦᠭᠦᠳ ᠦᠨ ᠲᠥᠯᠥᠭᠡ ᠲᠤᠭ ᠮᠠᠨᠳᠤᠭᠤᠯ᠃
11 ᠬᠠᠷᠠ᠂ ᠶᠣᠬᠣᠸᠠ ᠳᠡᠯᠡᠬᠡᠢ ᠶᠢᠨ ᠬᠢᠵᠠᠭᠠᠷ ᠬᠦᠷᠲᠡᠯ᠎ᠡ ᠲᠤᠩ᠋ᠬᠠᠭᠯᠠᠨ᠄ 《〈ᠬᠠᠷᠠ᠂ ᠠᠪᠤᠷᠠᠯ ᠴᠢᠨᠢ ᠠᠢᠰᠤᠢ᠂ ᠬᠠᠷᠠ᠂ ᠱᠠᠩᠨᠠᠯ ᠨᠢ ᠲᠡᠭᠦᠨ ᠲᠡᠢ ᠬᠠᠮᠲᠤ ᠬᠠᠷᠢᠭᠤ ᠨᠢ ᠲᠡᠭᠦᠨ ᠦ ᠡᠮᠦᠨ᠎ᠡ ᠪᠠᠢᠨ᠎ᠠ〉 ᠭᠡᠵᠦ ᠽᠢᠶᠣᠨ ᠤ ᠥᠬᠢᠨ ᠳᠤ ᠶᠠᠷᠢ》 ᠭᠡᠪᠡ᠃
12 ᠲᠡᠳᠡ 《ᠠᠷᠢᠭᠤᠨ ᠠᠷᠠᠳ ᠲᠦᠮᠡᠨ᠂ ᠶᠣᠬᠣᠸᠠ ᠶᠢᠨ ᠵᠣᠯᠢᠵᠤ ᠠᠪᠤᠭᠰᠠᠨ ᠬᠥᠮᠦᠰ》 ᠭᠡᠵᠦ ᠨᠡᠷᠡᠯᠡᠭᠳᠡᠨ᠎ᠡ ᠴᠢ 《ᠬᠠᠢᠭᠳᠠᠵᠤ ᠪᠠᠢᠭᠰᠠᠨ ᠬᠣᠲᠠ᠂ ᠬᠠᠶᠠᠭᠳᠠᠭ᠎ᠠ ᠦᠭᠡᠢ ᠬᠣᠲᠠ》 ᠭᠡᠵᠦ ᠨᠡᠷᠡᠯᠡᠭᠳᠡᠨ᠎ᠡ᠃