ᠢᠰᠠᠢᠶ᠎ᠠ ᠳᠥᠴᠢᠨ ᠲᠠᠪᠤ
1 ᠶᠣᠬᠣᠸᠠ ᠺᠦᠷᠣᠰ ᠲᠤ᠂ ᠥᠪᠡᠷ ᠦᠨ ᠢᠶᠠᠨ ᠲᠣᠰᠣᠯᠠᠭᠰᠠᠨ ᠨᠢᠭᠡᠨ ᠳᠦ ᠡᠢᠨ ᠬᠦ ᠠᠢᠯᠠᠳᠴᠤ ᠪᠠᠢᠨ᠎ᠠ᠄ 《ᠪᠢ ᠪᠠᠷᠠᠭᠤᠨ ᠭᠠᠷ ᠢ ᠴᠢᠨᠢ ᠠᠳᠬᠤᠵᠤ ᠦᠨᠳᠦᠰᠦᠲᠡᠨ ᠨᠦᠭᠦᠳ ᠢ ᠴᠢᠨᠦ ᠡᠮᠦᠨ᠎ᠡ ᠪᠥᠬᠥᠢᠯᠭᠡᠨ ᠬᠠᠭᠠᠳ ᠤᠨ ᠬᠤᠶᠠᠭ ᠢ ᠲᠠᠢᠯᠤᠭᠤᠯᠵᠤ ᠬᠠᠭᠠᠯᠭ᠎ᠠ ᠨᠤᠭᠤᠳ ᠢ ᠨᠢ ᠬᠠᠭᠠᠯᠲᠠ ᠦᠭᠡᠢ ᠡᠭᠦᠳᠡ ᠶᠢ ᠨᠢ ᠨᠡᠭᠡᠭᠡᠯᠲᠡ ᠲᠠᠢ ᠪᠠᠢᠯᠭᠠᠬᠤ ᠭᠡᠵᠦ ᠪᠠᠢᠨ᠎ᠠ᠂
2 ᠪᠢ ᠴᠢᠨᠦ ᠡᠮᠦᠨ᠎ᠡ ᠶᠠᠪᠤᠵᠤ ᠪᠠᠷᠲᠠᠭ᠎ᠠ ᠲᠠᠢ ᠭᠠᠵᠠᠷ ᠢ ᠲᠡᠭᠰᠢᠯᠡᠨ ᠬᠦᠷᠡᠯ ᠬᠠᠭᠠᠯᠭ᠎ᠠ ᠨᠤᠭᠤᠳ ᠢ ᠪᠤᠲᠠᠯᠵᠤ ᠲᠡᠮᠦᠷ ᠲᠦᠭᠵᠢᠶ᠎ᠡ ᠨᠦᠭᠦᠳ ᠢ ᠴᠠᠪᠴᠢᠨ
3 ᠬᠠᠷᠠᠩ᠋ᠭᠤᠢ ᠳᠤ ᠪᠠᠢᠭᠰᠠᠨ ᠡᠷᠳᠡᠨᠢᠰ ᠨᠢᠭᠤᠴᠠ ᠭᠠᠵᠠᠷ ᠤᠨ ᠡᠳ᠋ ᠪᠠᠶᠠᠯᠢᠭ ᠢ ᠴᠢᠮ᠎ᠠ ᠳᠤ ᠥᠭᠭᠥᠨ᠎ᠡ᠂ ᠲᠡᠭᠡᠬᠦ ᠳᠦ ᠴᠢ ᠢᠰᠷᠧᠯ ᠤᠨ ᠪᠤᠷᠬᠠᠨ ᠶᠣᠬᠣᠸᠠ ᠪᠢ ᠴᠢᠮᠠᠶᠢ ᠨᠡᠷ᠎ᠡ ᠪᠡᠷ ᠴᠢᠨᠢ ᠳᠠᠭᠤᠳᠠᠭᠰᠠᠨ ᠢ ᠮᠡᠳᠡᠬᠦ ᠪᠣᠯᠣᠨ᠎ᠠ᠃
4 ᠮᠢᠨᠦ ᠵᠠᠷᠤᠴᠠ ᠶᠠᠺᠣᠪ ᠮᠢᠨᠦ ᠰᠣᠩ᠋ᠭᠣᠭᠰᠠᠨ ᠢᠰᠷᠧᠯ ᠤᠨ ᠲᠥᠯᠥᠭᠡ ᠪᠢ ᠴᠢᠮᠠᠶᠢ ᠨᠡᠷ᠎ᠡ ᠪᠡᠷ ᠴᠢᠨᠢ ᠳᠠᠭᠤᠳᠠᠭᠰᠠᠨ᠂ ᠴᠢ ᠨᠠᠮᠠᠶᠢ ᠲᠠᠨᠢᠬᠤ ᠦᠭᠡᠢ ᠪᠣᠯᠪᠠᠴᠤ ᠪᠢ ᠴᠢᠮ᠎ᠠ ᠳᠤ ᠴᠣᠯᠠ ᠶᠢ ᠣᠯᠭᠣᠭᠰᠠᠨ᠃
5 ᠪᠢ ᠯᠠ ᠶᠣᠬᠣᠸᠠ ᠥᠭᠡᠷ᠎ᠡ ᠪᠠᠢᠬᠤ ᠦᠭᠡᠢ ᠨᠠᠳᠠ ᠠᠴᠠ ᠥᠭᠡᠷ᠎ᠡ ᠪᠤᠷᠬᠠᠨ ᠭᠡᠵᠦ ᠠᠯᠠᠭ᠎ᠠ ᠴᠢ ᠨᠠᠮᠠᠶᠢ ᠲᠠᠨᠢᠬᠤ ᠦᠭᠡᠢ ᠴᠤ ᠪᠢ ᠴᠢᠮᠠᠶᠢ ᠬᠦᠴᠦᠷᠬᠡᠭᠵᠢᠭᠦᠯᠵᠦ
6 ᠨᠠᠷᠠᠨ ᠮᠠᠨᠳᠤᠬᠤ ᠠᠴᠠ ᠵᠢᠷᠭᠠᠬᠤ ᠬᠦᠷᠲᠡᠯᠡᠬᠢ ᠭᠠᠵᠠᠷ ᠤᠨ ᠬᠢᠨ ᠳᠤ ᠨᠠᠳᠠ ᠠᠴᠠ ᠥᠭᠡᠷ᠎ᠡ ᠪᠤᠷᠬᠠᠨ ᠠᠯᠠᠭ᠎ᠠ ᠭᠡᠳᠡᠭ ᠢ ᠮᠡᠳᠡᠭᠦᠯᠦᠨ᠎ᠡ᠂ ᠪᠢ ᠯᠠ ᠶᠣᠬᠣᠸᠠ᠂ ᠥᠭᠡᠷ᠎ᠡ ᠠᠯᠠᠭ᠎ᠠ᠂
7 ᠪᠢ ᠪᠣᠯ ᠭᠡᠷᠡᠯ ᠢ ᠡᠭᠦᠳᠦᠭᠴᠢ ᠬᠠᠷᠠᠩ᠋ᠭᠤᠢ ᠶᠢ ᠪᠦᠲᠦᠭᠡᠭᠴᠢ ᠡᠩᠬᠡ ᠶᠢ ᠪᠤᠢ ᠪᠣᠯᠭᠠᠭᠴᠢ ᠵᠣᠪᠠᠯᠠᠩ ᠢ ᠴᠤ ᠪᠦᠲᠦᠭᠡᠭᠴᠢ ᠪᠢ ᠪᠣᠯ ᠶᠣᠬᠣᠸᠠ᠂ ᠡᠨᠡ ᠪᠦᠭᠦᠳᠡ ᠶᠢ ᠵᠣᠬᠢᠶᠠᠭᠴᠢ ᠶᠤᠮ᠂
8 ᠲᠩᠷᠢ ᠡ᠂ ᠳᠡᠭᠡᠷ᠎ᠡ ᠡᠴᠡ ᠳᠤᠰᠤᠯᠠᠭᠤᠯ ᠡᠭᠦᠯᠡᠰ ᠵᠥᠪ ᠢ ᠴᠢᠳᠬᠤᠵᠤ ᠭᠠᠵᠠᠷ ᠨᠡᠭᠡᠭᠡᠭᠳᠡᠵᠦ ᠠᠪᠤᠷᠠᠯ ᠵᠢᠮᠢᠰᠯᠡᠵᠦ ᠵᠥᠪ ᠨᠢ ᠨᠠᠬᠢᠶᠠᠯᠠᠨ᠎ᠠ ᠡᠳᠡᠭᠡᠷ ᠢ ᠶᠣᠬᠣᠸᠠ ᠪᠢ ᠪᠦᠲᠦᠭᠡᠭᠰᠡᠨ ᠶᠤᠮ᠃
9 ᠰᠢᠪᠠᠷ ᠰᠠᠪᠠ ᠶᠢᠨ ᠬᠠᠭᠠᠷᠬᠠᠢ ᠪᠠᠢᠵᠤ ᠪᠦᠲᠦᠭᠡᠭᠴᠢ ᠲᠠᠢ ᠪᠠᠨ ᠮᠠᠷᠭᠤᠯᠳᠤᠭᠴᠢ ᠭᠠᠰᠠᠯᠠᠩᠲᠠᠶ᠎ᠠ︕ ᠰᠢᠪᠠᠷ ᠨᠢ ᠸᠠᠭᠠᠷᠴᠢᠨ ᠳᠠᠭᠠᠨ᠄ 〈ᠴᠢ ᠶᠠᠭᠤ ᠬᠢᠵᠦ ᠪᠠᠢᠨ᠎ᠠ ᠪᠤᠢ︖〉 ᠭᠡᠬᠦ ᠤᠤ︖ ᠪᠦᠲᠦᠭᠡᠯ ᠴᠢᠨᠢ ᠴᠢᠮ᠎ᠠ ᠶᠢ᠄ 〈ᠴᠢᠳᠠᠪᠤᠷᠢ ᠦᠭᠡᠢ ᠶᠤᠮ〉 ᠭᠡᠬᠦ ᠤᠤ︖
10 ᠡᠴᠢᠭᠡ ᠬᠥᠮᠦᠨ ᠳᠦ᠄ 〈ᠲᠠ ᠶᠠᠭᠤ ᠲᠥᠷᠥᠭᠦᠯᠪᠡ︖〉 ᠭᠡᠵᠦ ᠡᠬᠡ ᠬᠥᠮᠦᠨ ᠳᠦ᠄ 〈ᠲᠠ ᠶᠠᠭᠤ ᠭᠠᠷᠭᠠᠴᠢᠬᠠᠪᠠ︖〉 ᠭᠡᠭᠴᠢ ᠨᠢ ᠭᠠᠰᠠᠯᠠᠩᠲᠠᠶ᠎ᠠ᠃》
11 ᠢᠰᠷᠧᠯ ᠤᠨ ᠠᠷᠢᠭᠤᠨ ᠨᠢᠭᠡᠨ ᠲᠡᠭᠦᠨ ᠢ ᠪᠦᠲᠦᠭᠡᠭᠰᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠥᠪᠡᠭᠦᠳ ᠦᠨ ᠮᠢᠨᠢ ᠢᠷᠡᠭᠡᠳᠦᠢ ᠶᠢᠨ ᠲᠠᠯ᠎ᠠ ᠪᠠᠷ ᠨᠠᠳᠠ ᠠᠴᠠ ᠠᠰᠠᠭᠤᠵᠤ ᠭᠠᠷ ᠤᠨ ᠮᠢᠨᠢ ᠠᠵᠢᠯ ᠢ ᠨᠠᠳᠠ ᠳᠤ ᠳᠠᠭᠠᠭᠠᠯᠭ᠎ᠠ᠂
12 ᠪᠢ ᠯᠠ ᠳᠡᠯᠡᠬᠡᠢ ᠶᠢ ᠵᠣᠬᠢᠶᠠᠵᠤ ᠳᠡᠭᠡᠷ᠎ᠡ ᠨᠢ ᠬᠥᠮᠦᠨ ᠢ ᠪᠦᠲᠦᠭᠡᠭᠰᠡᠨ ᠪᠢ ᠥᠪᠡᠷ ᠦᠨ ᠢᠶᠠᠨ ᠭᠠᠷ ᠢᠶᠠᠷ ᠲᠩᠷᠢ ᠶᠢ ᠳᠡᠯᠭᠡᠭᠡᠳ ᠲᠦᠭ ᠲᠦᠮᠡᠨ ᠣᠳᠣ ᠶᠢ ᠲᠣᠮᠢᠯᠠᠭᠰᠠᠨ᠃
13 ᠪᠢ ᠺᠦᠷᠣᠰ ᠢ ᠵᠥᠪ ᠦᠨ ᠢᠶᠠᠨ ᠲᠥᠯᠥᠭᠡ ᠪᠣᠰᠬᠠᠵᠤ ᠪᠦᠬᠦ ᠵᠠᠮ ᠢ ᠨᠢ ᠲᠡᠭᠰᠢᠯᠡᠨ᠎ᠡ ᠲᠡᠷᠡ ᠪᠡᠷ ᠬᠣᠲᠠ ᠶᠢ ᠮᠢᠨᠢ ᠰᠡᠷᠭᠦᠭᠡᠨ ᠴᠥᠯᠡᠭᠳᠡᠭᠰᠡᠳ ᠢ ᠮᠢᠨᠢ ᠵᠣᠯᠢᠶ᠎ᠠ ᠪᠠ ᠬᠠᠷᠢᠭᠤ ᠠᠪᠤᠯ ᠦᠭᠡᠢ ᠪᠠᠷ ᠴᠢᠯᠥᠭᠡᠯᠡᠨ᠎ᠡ᠂ ᠠᠤᠭ᠎ᠠ ᠬᠦᠴᠦᠲᠦ ᠶᠣᠬᠣᠸᠠ ᠠᠢᠯᠠᠳᠤᠯ᠎ᠠ᠃
14 ᠶᠣᠬᠣᠸᠠ ᠡᠢᠨ ᠬᠦ ᠠᠢᠯᠠᠳᠴᠤ ᠪᠠᠢᠨ᠎ᠠ᠂ 《ᠶᠧᠵᠢᠫᠲ ᠤᠨ ᠡᠳ᠋ ᠬᠥᠷᠥᠩᠭᠡ ᠺᠦᠱ ᠤᠨ ᠣᠯᠵᠠ ᠠᠰᠢᠭ ᠥᠨᠳᠥᠷ ᠪᠡᠶ᠎ᠡ ᠲᠠᠢ ᠰᠠᠪᠧᠴᠤᠳ ᠴᠢᠮ᠎ᠠ ᠳᠡᠭᠡᠷ᠎ᠡ ᠢᠷᠡᠵᠦ ᠴᠢᠨᠦᠬᠢ ᠪᠣᠯᠣᠨ᠎ᠠ ᠲᠡᠳᠡ ᠭᠢᠨᠵᠢ ᠲᠠᠢ ᠪᠠᠷ ᠠᠷᠤ ᠠᠴᠠ ᠴᠢᠨᠢ ᠳᠠᠭᠠᠭᠰᠠᠭᠠᠷ ᠴᠢᠮ᠎ᠠ ᠳᠤ ᠢᠷᠡᠭᠡᠳ᠂ ᠪᠥᠬᠥᠢᠨ᠄ 〈ᠦᠨᠡᠬᠡᠷ ᠪᠤᠷᠬᠠᠨ ᠲᠠᠨ ᠤ ᠳᠣᠲᠣᠷ᠎ᠠ ᠪᠠᠢᠨ᠎ᠠ ᠲᠡᠭᠦᠨ ᠡᠴᠡ ᠥᠭᠡᠷ᠎ᠡ ᠪᠤᠷᠬᠠᠨ ᠭᠡᠵᠦ ᠦᠭᠡᠢ ᠥᠭᠡᠷ᠎ᠡ ᠪᠠᠢᠬᠤ ᠦᠭᠡᠢ〉 ᠭᠡᠳ ᠴᠢᠮ᠎ᠠ ᠲᠠᠢ ᠬᠠᠮᠲᠤ ᠳᠠᠭᠠᠳᠬᠠᠬᠤ ᠪᠣᠯᠣᠨ᠎ᠠ᠃》
15 ᠦᠨᠡᠬᠡᠷ ᠲᠠ ᠥᠪᠡᠷ ᠢ ᠪᠠᠨ ᠨᠢᠭᠤᠳᠠᠭ ᠪᠤᠷᠬᠠᠨ ᠶᠤᠮ ᠢᠰᠷᠧᠯ ᠤᠨ ᠪᠤᠷᠬᠠᠨ᠂ ᠪᠢᠳᠡᠨ ᠦ ᠠᠪᠤᠷᠠᠭᠴᠢ ᠡ᠃
16 ᠰᠢᠲᠦᠭᠡᠨ ᠦ ᠳᠠᠷᠬᠠᠳ ᠪᠦᠭᠦᠳᠡ ᠰᠢᠪᠰᠢᠭ ᠪᠣᠯᠵᠤ ᠢᠴᠢᠬᠦ ᠪᠣᠯᠣᠨ᠎ᠠ ᠬᠠᠮᠲᠤ ᠳᠠᠭᠠᠨ ᠢᠴᠢᠭᠦᠷᠢ ᠳᠤ ᠣᠷᠣᠨ᠎ᠠ᠃
17 ᠬᠠᠷᠢᠨ ᠢᠰᠷᠧᠯ ᠶᠣᠬᠣᠸᠠ ᠶᠢᠨ ᠠᠴᠢ ᠪᠠᠷ ᠠᠪᠤᠷᠠᠭᠳᠠᠨ᠎ᠠ ᠲᠡᠷᠡ ᠪᠡᠷ ᠮᠥᠩᠬᠡ ᠶᠢᠨ ᠠᠪᠤᠷᠠᠯ ᠢ ᠣᠯᠣᠨ᠎ᠠ ᠲᠠ ᠨᠠᠷ ᠦᠶ᠎ᠡ ᠶᠢᠨ ᠦᠶ᠎ᠡ ᠳᠦ ᠰᠢᠪᠰᠢᠭ ᠪᠣᠯᠬᠤ ᠦᠭᠡᠢ ᠢᠴᠢᠭᠦᠷᠢ ᠳᠤ ᠣᠷᠣᠬᠤ ᠦᠭᠡᠢ᠃
18 ᠲᠩᠷᠢ ᠶᠢ ᠪᠦᠲᠦᠭᠡᠭᠰᠡᠨ ᠶᠣᠬᠣᠸᠠ ᠡᠢᠨ ᠬᠦ ᠠᠢᠯᠠᠳᠴᠤ ᠪᠠᠢᠨ᠎ᠠ᠄ (ᠲᠡᠷᠡ ᠯᠠ ᠪᠤᠷᠬᠠᠨ ᠲᠡᠷᠡ ᠭᠠᠵᠠᠷ ᠢ ᠬᠡᠯᠪᠡᠷᠢᠵᠢᠭᠦᠯᠵᠦ ᠵᠣᠬᠢᠶᠠᠨ ᠲᠣᠭᠲᠠᠭᠠᠭᠰᠠᠨ ᠲᠡᠷᠡ ᠲᠡᠭᠦᠨ ᠢ ᠬᠣᠭᠣᠰᠣᠨ ᠢᠶᠠᠷ ᠪᠦᠲᠦᠭᠡᠭᠰᠡᠨ ᠪᠢᠰᠢ ᠣᠷᠣᠰᠢᠨ ᠰᠠᠭᠤᠭᠴᠢ ᠲᠠᠢ ᠪᠠᠢᠬᠤ ᠪᠠᠷ ᠬᠡᠯᠪᠡᠷᠢᠵᠢᠭᠦᠯᠦᠭᠰᠡᠨ) 《ᠪᠢ ᠪᠣᠯ ᠶᠣᠬᠣᠸᠠ᠂ ᠥᠭᠡᠷ᠎ᠡ ᠪᠤᠷᠬᠠᠨ ᠭᠡᠵᠦ ᠦᠭᠡᠢ᠃
19 ᠪᠢ ᠬᠠᠷᠠᠩ᠋ᠭᠤᠢ ᠭᠠᠵᠠᠷ ᠠᠴᠠ ᠨᠢᠭᠤᠴᠠ ᠪᠠᠷ ᠶᠠᠷᠢᠭ᠎ᠠ ᠦᠭᠡᠢ ᠨᠠᠮᠠᠶᠢ 《ᠬᠣᠭᠣᠰᠣᠨ ᠢᠶᠠᠷ ᠬᠠᠢ》 ᠭᠡᠵᠦ ᠪᠢ ᠶᠠᠺᠣᠪ ᠤᠨ ᠦᠷ᠎ᠡ ᠬᠣᠢᠴᠢ ᠳᠤ ᠬᠡᠯᠡᠭᠡ ᠦᠭᠡᠢ ᠶᠣᠬᠣᠸᠠ ᠪᠢ ᠦᠨᠡᠨ ᠢ ᠬᠡᠯᠡᠵᠦ ᠰᠢᠳᠤᠷᠭᠤ ᠶᠢ ᠯᠠ ᠮᠡᠳᠡᠭᠦᠯᠳᠡᠭ ᠶᠤᠮ᠃
20 ᠴᠤᠭᠯᠠᠷᠠᠵᠤ ᠢᠷᠡᠵᠡᠭᠡ᠂ ᠭᠦᠷᠦᠨ ᠨᠦᠭᠦᠳ ᠡᠴᠡ ᠳᠦᠷᠪᠡᠭᠰᠡᠳ ᠡ ᠴᠥᠮ ᠢᠶᠡᠷ ᠢᠶᠠᠨ ᠨᠠᠰᠢ ᠢᠷ᠎ᠡ ᠮᠣᠳᠣᠨ ᠰᠢᠲᠦᠭᠡᠨ ᠨᠦᠭᠦᠳ ᠢᠶᠡᠨ ᠡᠭᠦᠷᠦᠨ ᠶᠠᠪᠤᠭᠰᠠᠳ᠂ ᠠᠪᠤᠷᠠᠵᠤ ᠴᠢᠳᠠᠬᠤ ᠦᠭᠡᠢ ᠪᠤᠷᠬᠠᠨ ᠳᠤ ᠳᠠᠭᠠᠳᠬᠠᠭᠴᠢᠳ ᠨᠢ ᠮᠡᠳᠡᠯᠭᠡ ᠦᠭᠡᠢ᠃
21 ᠢᠯᠡᠷᠬᠡᠶᠢᠯᠡ᠂ ᠤᠴᠢᠷ ᠢᠶᠠᠨ ᠳᠡᠯᠭᠡ᠂ ᠲᠡᠳᠡ ᠬᠠᠮᠲᠤ ᠳᠠᠭᠠᠨ ᠵᠥᠪᠯᠡᠯᠳᠦᠭ ᠬᠡᠨ ᠡᠷᠲᠡᠨ ᠡᠴᠡ ᠡᠳᠡᠭᠡᠷ ᠢ ᠰᠣᠨᠣᠰᠬᠠᠭᠰᠠᠨ ᠪᠤᠢ︖ ᠬᠡᠨ ᠤᠷᠢᠳᠠ ᠠᠴᠠ ᠢᠯᠡᠷᠬᠡᠶᠢᠯᠡᠭᠰᠡᠨ ᠪᠤᠢ︖ ᠶᠣᠬᠣᠸᠠ ᠪᠢ ᠪᠢᠰᠢ ᠤᠤ︖ ᠨᠠᠳᠠ ᠠᠴᠠ ᠥᠭᠡᠷ᠎ᠡ ᠪᠤᠷᠬᠠᠨ ᠭᠡᠵᠦ ᠦᠭᠡᠢ᠂ ᠨᠠᠳᠠ ᠠᠴᠠ ᠥᠭᠡᠷ᠎ᠡ ᠵᠥᠪᠲᠦ ᠪᠥᠭᠡᠳ ᠠᠪᠤᠷᠠᠭᠴᠢ ᠪᠤᠷᠬᠠᠨ ᠭᠡᠵᠦ ᠦᠭᠡᠢ᠃
22 ᠳᠡᠯᠡᠬᠡᠢ ᠶᠢᠨ ᠪᠦᠬᠦ ᠬᠢᠵᠠᠭᠠᠷ ᠤᠨ ᠬᠢᠨ ᠡ ᠨᠠᠳᠠ ᠤᠷᠤᠭᠤ ᠡᠷᠭᠢ᠂ ᠲᠡᠭᠡᠪᠡᠯ ᠠᠪᠤᠷᠠᠭᠳᠠᠨ᠎ᠠ ᠪᠢ ᠪᠣᠯ ᠪᠤᠷᠬᠠᠨ᠂ ᠥᠭᠡᠷ᠎ᠡ ᠪᠠᠢᠬᠤ ᠦᠭᠡᠢ᠃
23 ᠪᠢ ᠥᠪᠡᠷ ᠢᠶᠡᠷ ᠢᠶᠠᠨ ᠲᠠᠩ᠋ᠭᠠᠷᠢᠭᠯᠠᠶ᠎ᠠ ᠪᠤᠴᠠᠰᠢ ᠦᠭᠡᠢ ᠦᠨᠡᠨ ᠦ ᠦᠭᠡ ᠠᠮᠠᠨ ᠠᠴᠠ ᠮᠢᠨᠢ ᠭᠠᠷᠤᠯ᠎ᠠ ᠡᠪᠦᠳᠦᠭ ᠪᠣᠯᠭᠠᠨ ᠨᠠᠳᠠ ᠳᠤ ᠰᠥᠭᠥᠳᠴᠦ ᠬᠡᠯᠡ ᠪᠦᠷᠢ ᠲᠠᠩ᠋ᠭᠠᠷᠢᠭᠯᠠᠨᠠ᠃
24 ᠬᠥᠮᠦᠨ ᠮᠢᠨᠦ ᠲᠤᠬᠠᠢ ᠶᠠᠷᠢᠬᠤ ᠳᠠᠭᠠᠨ᠄ 〈ᠭᠠᠭᠴᠠ ᠬᠦ ᠶᠣᠬᠣᠸᠠ ᠳᠤ ᠵᠥᠪ ᠪᠠ ᠬᠦᠴᠦ ᠪᠤᠢ〉 ᠭᠡᠬᠦ ᠪᠣᠯᠣᠨ᠎ᠠ᠂》 ᠲᠡᠭᠦᠨ ᠳᠦ ᠠᠭᠤᠷᠯᠠᠭᠴᠢ ᠪᠦᠬᠦᠨ ᠲᠡᠭᠦᠨ ᠤᠷᠤᠭᠤ ᠣᠴᠢᠬᠤ ᠳᠠᠭᠠᠨ ᠢᠴᠢᠭᠦᠷᠢ ᠳᠤ ᠣᠷᠣᠬᠤ ᠪᠣᠯᠪᠠᠴᠤ
25 ᠢᠰᠷᠧᠯ ᠤᠨ ᠪᠦᠬᠦ ᠦᠷ᠎ᠡ ᠤᠳᠤᠮ ᠶᠣᠬᠣᠸᠠ ᠪᠠᠷ ᠵᠥᠪᠲᠥᠭᠡᠭᠳᠡᠵᠦ᠂ ᠠᠯᠳᠠᠷᠰᠢᠬᠤ ᠪᠣᠯᠣᠨ᠎ᠠ᠃