1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠭᠤᠴᠢᠨ ᠵᠢᠷᠭᠤᠭ᠎ᠠ
 ᠢᠲᠡᠭᠡᠯ ᠠᠯᠳᠠᠭᠤᠯᠬᠤ ᠭᠡᠰᠡᠨ ᠥᠲᠥᠭᠡᠯᠭᠡ

1 ᠾᠧᠽᠧᠺᠢᠶ᠎ᠠ ᠬᠠᠭᠠᠨ ᠤ ᠠᠷᠪᠠᠨ ᠳᠥᠷᠪᠡᠳᠦᠭᠡᠷ ᠣᠨ ᠳᠤ᠂ ᠠᠰᠢᠷᠢᠶ᠎ᠠ ᠶᠢᠨ ᠬᠠᠭᠠᠨ ᠰᠧᠨᠠᠾᠧᠷᠢᠪ ᠶᠦᠳᠠ ᠶᠢᠨ ᠪᠦᠬᠦ ᠪᠡᠬᠢᠯᠡᠯᠲᠡᠲᠦ ᠬᠣᠲᠠ ᠥᠭᠡᠳᠡ ᠬᠦᠷᠴᠦ᠂ ᠡᠵᠡᠯᠡᠨ ᠠᠪᠤᠪᠠ᠃ 2 ᠠᠰᠢᠷᠢᠶ᠎ᠠ ᠶᠢᠨ ᠬᠠᠭᠠᠨ ᠪᠡᠷ ᠷᠠᠪᠱᠠᠺᠧ ᠶᠢ ᠶᠡᠬᠡ ᠴᠡᠷᠢᠭ ᠲᠠᠢ ᠬᠠᠮᠲᠤ ᠯᠠᠺᠢᠱ ᠡᠴᠡ ᠶᠧᠷᠦ᠋ᠰᠠᠯᠧᠮ ᠥᠭᠡᠳᠡ ᠾᠧᠽᠧᠺᠢᠶ᠎ᠠ ᠬᠠᠭᠠᠨ ᠤᠷᠤᠭᠤ ᠢᠯᠡᠭᠡᠭᠰᠡᠨ ᠳᠦ᠂ ᠲᠡᠷᠡ ᠤᠬᠢᠶᠠᠭᠴᠢ ᠶᠢᠨ ᠲᠠᠯᠠᠪᠠᠢ ᠶᠢᠨ ᠵᠠᠮ ᠳᠡᠭᠡᠷ᠎ᠡ᠂ ᠳᠡᠭᠡᠳᠦ ᠴᠥᠭᠥᠷᠥᠮ ᠦᠨ ᠤᠰᠤᠨ ᠲᠦᠭᠡᠭᠡᠭᠦᠷ ᠦᠨ ᠬᠣᠭᠣᠯᠠᠢ ᠶᠢᠨ ᠬᠠᠵᠠᠭᠤ ᠳᠤ ᠵᠣᠭᠰᠣᠪᠠ᠃ 3 ᠾᠢᠯᠺᠢᠶ᠎ᠠ ᠶᠢᠨ ᠬᠦᠦ᠂ ᠣᠷᠳᠣᠨ ᠤ ᠳᠠᠭᠠᠭᠠᠮᠠᠯ ᠡᠯᠢᠶᠠᠺᠢᠮ᠂ ᠪᠢᠴᠢᠭᠡᠴᠢ ᠱᠧᠪᠨᠠ᠂ ᠠᠰᠠᠹ ᠤᠨ ᠬᠥᠪᠡᠭᠦᠨ ᠰᠤᠳᠤᠷᠴᠢ ᠶᠣᠶ᠎ᠠ ᠨᠠᠷ ᠲᠡᠭᠦᠨ ᠤᠷᠤᠭᠤ ᠣᠴᠢᠪᠠ᠃

4 ᠷᠠᠪᠱᠠᠺᠧ ᠲᠡᠳᠡᠨ ᠳᠦ᠄ 《ᠾᠧᠽᠧᠺᠢᠶ᠎ᠠ ᠳᠤ ᠬᠡᠯᠡᠭᠲᠦᠨ᠂ ᠠᠰᠢᠷᠢᠶ᠎ᠠ ᠶᠢᠨ ᠶᠡᠬᠡ ᠬᠠᠭᠠᠨ ᠡᠢᠨ ᠬᠦ ᠠᠢᠯᠠᠳᠴᠤ ᠪᠠᠢᠨ᠎ᠠ᠄ ᠴᠢᠨᠦ ᠢᠲᠡᠭᠡᠭᠰᠡᠨ ᠲᠡᠷᠡ ᠢᠲᠡᠭᠡᠯ ᠭᠡᠵᠦ ᠶᠠᠭᠤ ᠪᠤᠢ︖ 5 ᠪᠢ ᠬᠡᠯᠡᠶ᠎ᠡ᠂ ᠳᠠᠢᠲᠤᠬᠤ ᠪᠣᠳᠣᠯᠭ᠎ᠠ ᠪᠠ ᠬᠦᠴᠦ ᠴᠢᠳᠠᠯ ᠭᠡᠳᠡᠭ ᠴᠢᠨᠢ ᠬᠣᠭᠣᠰᠣᠨ ᠦᠭᠡ ᠯᠠ ᠪᠠᠢᠨ᠎ᠠ᠃ ᠴᠢ ᠬᠡᠨ ᠳᠦ ᠢᠲᠡᠭᠡᠵᠦ ᠨᠠᠳᠠ ᠠᠴᠠ ᠲᠡᠷᠰᠯᠡᠨ᠎ᠡ ᠪᠤᠢ︖ 6 ᠬᠠᠷᠠ᠂ ᠴᠢ ᠬᠤᠭᠤᠷᠠᠭᠰᠠᠨ ᠬᠤᠯᠤᠰᠤᠨ ᠲᠠᠶᠠᠭ ᠶᠧᠵᠢᠫᠲ ᠲᠤ ᠢᠲᠡᠭᠡᠵᠦ ᠪᠠᠢᠨ᠎ᠠ᠃ ᠬᠡᠷᠪᠡ ᠬᠥᠮᠦᠨ ᠲᠡᠷᠡ ᠲᠠᠶᠠᠭ ᠢ ᠲᠤᠯᠪᠠᠯ ᠲᠡᠷᠡ ᠨᠢ ᠠᠯᠠᠭᠠᠨ ᠳᠤᠨᠢ ᠰᠢᠭᠠᠵᠤ᠂ ᠴᠣᠭᠣ ᠬᠠᠳᠬᠤᠨ᠎ᠠ᠂ ᠶᠧᠵᠢᠫᠲ ᠤᠨ ᠬᠠᠭᠠᠨ ᠹᠠᠷᠠᠣ᠋ ᠥᠪᠡᠷ ᠲᠤᠨᠢ ᠢᠲᠡᠭᠡᠭᠴᠢ ᠪᠦᠭᠦᠳᠡ ᠳᠦ ᠢᠩᠭᠢᠬᠦ ᠪᠣᠯᠣᠨ᠎ᠠ᠃ 7 ᠴᠢ ᠨᠠᠳᠠ ᠳᠤ᠄ 〈ᠪᠢᠳᠡ ᠪᠤᠷᠬᠠᠨ ᠶᠣᠬᠣᠸᠠ ᠳᠠᠭᠠᠨ ᠢᠲᠡᠭᠡᠳᠡᠭ〉 ᠭᠡᠨ᠎ᠡ ᠤᠤ︖ ᠬᠠᠷᠢᠨ ᠾᠧᠽᠧᠺᠢᠶ᠎ᠠ ᠥᠪᠡᠷ ᠢᠶᠡᠨ ᠲᠡᠭᠦᠨ ᠦ ᠮᠥᠷᠭᠥᠯ ᠦᠨ ᠮᠠᠨᠳᠠᠯ ᠤᠳ ᠪᠠ ᠲᠠᠬᠢᠯ ᠤᠨ ᠰᠢᠷᠡᠭᠡ ᠨᠦᠭᠦᠳ ᠢ ᠨᠤᠷᠠᠭᠠᠵᠤ ᠶᠦᠳᠠ᠂ ᠶᠧᠷᠦ᠋ᠰᠠᠯᠧᠮ ᠳᠤ᠄ 〈ᠲᠠ ᠨᠠᠷ ᠡᠨᠡ ᠲᠠᠬᠢᠯ ᠤᠨ ᠰᠢᠷᠡᠭᠡᠨ ᠦ ᠡᠮᠦᠨ᠎ᠡ ᠯᠠ ᠮᠥᠷᠭᠥᠬᠦ ᠶᠣᠰᠣᠲᠠᠢ〉 ᠭᠡᠰᠡᠨ ᠪᠢᠰᠢ ᠤᠤ︖ 8 ᠵᠠ᠂ ᠣᠳᠣ ᠴᠢ ᠮᠢᠨᠦ ᠡᠵᠡᠨ ᠠᠰᠢᠷᠢᠶ᠎ᠠ ᠶᠢᠨ ᠬᠠᠭᠠᠨ ᠲᠠᠢ ᠮᠥᠷᠥᠢ ᠲᠠᠯᠪᠢᠵᠤ ᠪᠣᠯᠣᠨ᠎ᠠ᠃ ᠬᠡᠷᠪᠡ ᠴᠢ ᠬᠣᠶᠠᠷ ᠮᠢᠩ᠋ᠭᠠᠨ ᠮᠣᠷᠢᠲᠠᠨ ᠭᠠᠷᠭᠠᠵᠤ ᠴᠢᠳᠠᠪᠠᠯ᠂ ᠪᠢ ᠴᠢᠮ᠎ᠠ ᠳᠤ ᠲᠡᠳᠡᠨ ᠦ ᠤᠨᠤᠭ᠎ᠠ ᠶᠢ ᠥᠭᠭᠥᠶ᠎ᠡ᠃ 9 ᠴᠢ ᠶᠧᠵᠢᠫᠲ ᠤᠨ ᠴᠡᠷᠢᠭ᠂ ᠮᠣᠷᠢᠲᠠᠳ ᠲᠤ ᠨᠠᠢᠳᠠᠳᠠᠭ ᠪᠠᠢᠯ᠎ᠠ ᠴᠤ ᠮᠢᠨᠦ ᠡᠵᠡᠨ ᠦ ᠵᠠᠷᠤᠴᠠ ᠨᠠᠷ ᠤᠨ ᠳᠣᠲᠣᠷᠠᠬᠢ ᠬᠠᠮᠤᠭ ᠤᠨ ᠪᠠᠭ᠎ᠠ ᠳᠠᠷᠤᠭ᠎ᠠ ᠶᠢ ᠨᠢ ᠴᠤ ᠤᠬᠤᠷᠢᠭᠤᠯᠵᠤ ᠴᠢᠳᠠᠨ᠎ᠠ ᠭᠡᠵᠢ ᠤᠤ︖ 10 ᠡᠳᠦᠭᠡ ᠪᠢ ᠶᠣᠬᠣᠸᠠ ᠶᠢᠨ ᠵᠥᠪᠰᠢᠶᠡᠷᠡᠯ ᠦᠭᠡᠢ ᠪᠠᠷ ᠡᠨᠡ ᠭᠠᠵᠠᠷ ᠢ ᠤᠰᠠᠳᠬᠠᠬᠤ ᠪᠠᠷ ᠢᠷᠡᠭᠰᠡᠨ ᠭᠡᠵᠢ ᠤᠤ︖ ᠶᠣᠬᠣᠸᠠ ᠥᠪᠡᠷ ᠢᠶᠡᠨ ᠨᠠᠳᠠ ᠳᠤ ᠡᠨᠡ ᠨᠤᠲᠤᠭ ᠥᠭᠡᠳᠡ ᠢᠷᠡᠵᠦ ᠤᠰᠠᠳᠬᠠᠬᠤ ᠶᠢ ᠲᠤᠰᠢᠶᠠᠭᠰᠠᠨ ᠶᠤᠮ》 ᠭᠡᠯ᠎ᠡ᠃

11 ᠡᠯᠢᠶᠠᠺᠢᠮ᠂ ᠱᠧᠪᠨᠠ᠂ ᠶᠣᠶ᠎ᠠ ᠨᠠᠷ ᠷᠠᠪᠱᠠᠺᠧ ᠳᠤ᠄ 《ᠲᠠ ᠵᠠᠷᠤᠴᠠ ᠨᠠᠷ ᠲᠠᠭᠠᠨ ᠠᠷᠠᠮ ᠬᠡᠯᠡ ᠪᠡᠷ ᠶᠠᠷᠢᠨ᠎ᠠ ᠤᠤ︖ ᠪᠢᠳᠡ ᠣᠢᠯᠠᠭᠠᠨ᠎ᠠ᠂ ᠢᠪᠷᠠᠢ ᠬᠡᠯᠡ ᠪᠡᠷ ᠪᠦᠦ ᠶᠠᠷᠢ᠃ ᠬᠡᠷᠡᠮ ᠳᠡᠭᠡᠷᠡᠬᠢ ᠠᠷᠠᠳ ᠣᠯᠠᠨ ᠰᠣᠨᠣᠰᠴᠤ ᠪᠠᠢᠨ᠎ᠠ》 ᠭᠡᠪᠡ᠃ 12 ᠷᠠᠪᠱᠠᠺᠧ᠄ 《ᠮᠢᠨᠦ ᠡᠵᠡᠨ ᠡᠳᠡᠭᠡᠷ ᠦᠭᠡ ᠶᠢ ᠵᠥᠪᠬᠡᠨ ᠲᠠᠨ ᠤ ᠡᠵᠡᠨ ᠬᠢᠭᠡᠳ ᠲᠠ ᠨᠠᠷ ᠲᠤ ᠬᠡᠯᠡᠭᠦᠯᠬᠦ ᠪᠡᠷ ᠨᠠᠮᠠᠶᠢ ᠢᠯᠡᠭᠡᠭᠰᠡᠨ ᠭᠡᠵᠢ ᠤᠤ︖ ᠲᠠ ᠨᠠᠷ ᠲᠠᠢ ᠬᠠᠮᠲᠤ ᠪᠠᠭᠠᠰᠤ ᠪᠠᠨ ᠢᠳᠡᠵᠦ᠂ ᠰᠢᠭᠡᠰᠦ ᠪᠡᠨ ᠤᠤᠭᠤᠬᠤ ᠪᠣᠯᠴᠢᠬᠠᠭᠠᠳ ᠬᠡᠷᠡᠮ ᠳᠡᠭᠡᠷ᠎ᠡ ᠰᠠᠭᠤᠵᠤ ᠪᠠᠢᠭ᠎ᠠ ᠲᠡᠷᠡ ᠬᠥᠮᠦᠰ ᠲᠦ ᠴᠤ ᠬᠡᠯᠡᠭᠦᠯᠦᠭᠰᠡᠨ ᠪᠢᠰᠢ ᠤᠤ︖》 ᠭᠡᠪᠡ᠃

13 ᠲᠡᠭᠡᠭᠡᠳ ᠷᠠᠪᠱᠠᠺᠧ ᠪᠣᠰᠴᠤ ᠵᠣᠭᠰᠣᠨ ᠢᠪᠷᠠᠢ ᠬᠡᠯᠡ ᠪᠡᠷ ᠬᠠᠰᠬᠢᠷᠤᠨ᠄ 《ᠠᠰᠢᠷᠢᠶ᠎ᠠ ᠶᠢᠨ ᠬᠠᠭᠠᠨ᠂ ᠶᠡᠬᠡ ᠬᠠᠭᠠᠨ ᠤ ᠦᠭᠡᠰ ᠢ ᠲᠠ ᠨᠠᠷ ᠰᠣᠨᠣᠰᠴᠠᠭ᠎ᠠ᠃ 14 ᠬᠠᠭᠠᠨ ᠡᠢᠨ ᠬᠦ ᠠᠢᠯᠠᠳᠴᠤ ᠪᠠᠢᠨ᠎ᠠ᠄ ᠾᠧᠽᠧᠺᠢᠶ᠎ᠠ ᠳᠤ ᠪᠦᠦ ᠮᠡᠬᠡᠯᠡᠭᠳᠡ᠂ ᠲᠡᠷᠡ ᠲᠠ ᠨᠠᠷ ᠢ ᠠᠪᠤᠷᠠᠵᠤ ᠴᠢᠳᠠᠬᠤ ᠦᠭᠡᠢ᠃ 15 ᠾᠧᠽᠧᠺᠢᠶ᠎ᠠ 〈ᠶᠣᠬᠣᠸᠠ ᠡᠨᠡ ᠬᠣᠲᠠ ᠶᠢ ᠠᠰᠢᠷᠢᠶ᠎ᠠ ᠶᠢᠨ ᠬᠠᠭᠠᠨ ᠤ ᠭᠠᠷ ᠲᠤ ᠲᠤᠰᠢᠶᠠᠬᠤ ᠦᠭᠡᠢ᠂ ᠪᠢᠳᠡᠨ ᠢ ᠯᠠᠪᠲᠠᠢ ᠠᠪᠤᠷᠠᠨ᠎ᠠ〉 ᠭᠡᠵᠦ ᠲᠠ ᠨᠠᠷ ᠢ ᠶᠣᠬᠣᠸᠠ ᠳᠤ ᠢᠲᠡᠭᠡᠭᠦᠯᠬᠦ ᠭᠡᠰᠡᠨ ᠴᠤ ᠲᠠ ᠨᠠᠷ ᠶᠣᠬᠣᠸᠠ ᠳᠤ ᠪᠦᠦ ᠢᠲᠡᠭᠡ᠃ 16 ᠾᠧᠽᠧᠺᠢᠶ᠎ᠠ ᠶᠢᠨ ᠬᠢ ᠶᠢ ᠪᠦᠦ ᠰᠣᠨᠣᠰ᠂ ᠠᠰᠢᠷᠢᠶ᠎ᠠ ᠶᠢᠨ ᠬᠠᠭᠠᠨ ᠡᠢᠨ ᠬᠦ ᠠᠢᠯᠠᠳᠴᠤ ᠪᠠᠢᠨ᠎ᠠ᠄ 〈ᠨᠠᠳᠠ ᠲᠠᠢ ᠨᠠᠢᠷᠠᠮᠳᠠᠨ᠂ ᠨᠠᠳᠠ ᠤᠷᠤᠭᠤ ᠭᠠᠷᠴᠤ ᠢᠷ᠎ᠠ᠂ ᠲᠡᠭᠡᠪᠡᠯ ᠲᠠ ᠨᠠᠷ ᠤᠨ ᠬᠥᠮᠦᠨ ᠪᠦᠷᠢ ᠥᠪᠡᠷ ᠦᠨ ᠢᠶᠠᠨ ᠦᠵᠦᠮ ᠢᠨᠵᠢᠷ ᠤᠨ ᠮᠣᠳᠣᠨ ᠠᠴᠠ ᠵᠢᠮᠢᠰ ᠢ ᠨᠢ ᠢᠳᠡᠵᠦ᠂ ᠥᠪᠡᠷ ᠦᠨ ᠢᠶᠠᠨ ᠨᠥᠭᠡᠴᠡᠯᠡᠭᠦᠷ ᠦᠨ ᠤᠰᠤᠨ ᠠᠴᠠ ᠤᠤᠭᠤᠬᠤ ᠪᠣᠯᠣᠨ᠎ᠠ᠃〉 17 ᠳᠠᠷᠠᠭ᠎ᠠ ᠨᠢ ᠪᠢ ᠢᠷᠡᠵᠦ᠂ ᠲᠠ ᠨᠠᠷ ᠢ ᠥᠪᠡᠷ ᠦᠨ ᠴᠢᠨᠢ ᠨᠤᠲᠤᠭ ᠰᠢᠭ᠋᠂ ᠦᠷ᠎ᠡ ᠲᠠᠷᠢᠶ᠎ᠠ ᠪᠠ ᠳᠠᠷᠠᠰᠤ ᠲᠠᠢ ᠨᠤᠲᠤᠭ᠂ ᠪᠣᠣᠪᠣ ᠪᠠ ᠦᠵᠦᠮ ᠦᠨ ᠬᠦᠷᠢᠶᠡᠯᠡᠩ ᠲᠡᠢ ᠨᠤᠲᠤᠭ ᠤᠷᠤᠭᠤ ᠠᠪᠠᠴᠢᠨ᠎ᠠ᠃ 18 ᠾᠧᠽᠧᠺᠢᠶ᠎ᠠ᠄ 〈ᠶᠣᠬᠣᠸᠠ ᠠᠪᠤᠷᠠᠨ᠎ᠠ〉 ᠭᠡᠵᠦ ᠬᠡᠯᠡᠭᠰᠡᠨ ᠴᠤ ᠲᠠ ᠨᠠᠷ ᠢᠳᠬᠠᠯ ᠢ ᠨᠢ ᠪᠦᠦ ᠠᠪ᠂ ᠠᠯᠢ ᠦᠨᠳᠦᠰᠦᠲᠡᠨ ᠦ ᠪᠤᠷᠬᠠᠳ ᠠᠰᠢᠷᠢᠶ᠎ᠠ ᠶᠢᠨ ᠬᠠᠭᠠᠨ ᠤ ᠭᠠᠷ ᠠᠴᠠ ᠨᠤᠲᠤᠭ ᠢᠶᠠᠨ ᠠᠪᠤᠷᠠᠵᠤ ᠪᠠᠢᠭᠰᠠᠨ ᠪᠤᠢ︖ 19 ᠣᠳᠣ ᠬᠠᠮᠠᠲ᠂ ᠠᠷᠫᠠᠳ᠋ ᠤᠨ ᠪᠤᠷᠬᠠᠳ ᠬᠠᠮᠢᠭ᠎ᠠ ᠪᠠᠢᠨ᠎ᠠ︖ ᠰᠧᠹᠠᠷ ᠸᠠᠢᠮ ᠤᠨ ᠪᠤᠷᠬᠠᠳ ᠬᠠᠮᠢᠭ᠎ᠠ ᠪᠠᠢᠨ᠎ᠠ︖ ᠲᠡᠳᠡ ᠰᠠᠮᠠᠷᠢᠶ᠎ᠠ ᠶᠢ ᠮᠢᠨᠦ ᠭᠠᠷ ᠠᠴᠠ ᠠᠪᠤᠷᠠᠭᠰᠠᠨ ᠭᠡᠵᠢ ᠤᠤ︖ 20 ᠡᠳᠡᠭᠡᠷ ᠭᠦᠷᠦᠨ ᠦ ᠬᠠᠮᠤᠭ ᠪᠤᠷᠬᠠᠳ ᠤᠨ ᠳᠣᠲᠣᠷ᠎ᠠ ᠠᠴᠠ ᠠᠯᠢ ᠨᠢ ᠭᠠᠵᠠᠷ ᠨᠤᠲᠤᠭ ᠢᠶᠠᠨ ᠮᠢᠨᠦ ᠭᠠᠷ ᠠᠴᠠ ᠠᠪᠤᠷᠠᠴᠢᠬᠠᠭᠠᠳ ᠶᠣᠬᠣᠸᠠ ᠮᠢᠨᠦ ᠭᠠᠷ ᠠᠴᠠ ᠶᠧᠷᠦ᠋ᠰᠠᠯᠧᠮ ᠢ ᠠᠪᠤᠷᠠᠨ᠎ᠠ ᠭᠡᠵᠦ ᠪᠠᠢᠨ᠎ᠠ ᠪᠤᠢ︖》 ᠭᠡᠪᠡ᠃

21 ᠬᠥᠮᠦᠰ ᠴᠢᠮᠡᠭᠡ ᠦᠭᠡᠢ ᠪᠠᠢᠵᠤ᠂ ᠲᠡᠭᠦᠨ ᠳᠦ ᠨᠢᠭᠡ ᠴᠤ ᠦᠭᠡ ᠬᠠᠷᠢᠭᠤᠯᠤᠭᠰᠠᠨ ᠦᠭᠡᠢ᠂ ᠬᠠᠭᠠᠨ᠄ 《ᠲᠡᠭᠦᠨ ᠳᠦ ᠪᠦᠦ ᠬᠠᠷᠢᠭᠤᠯ》 ᠭᠡᠵᠦ ᠲᠤᠰᠢᠶᠠᠭᠰᠠᠨ ᠪᠠᠢᠯ᠎ᠠ᠃ 22 ᠲᠡᠭᠡᠭᠡᠳ ᠣᠷᠳᠣᠨ ᠤ ᠳᠠᠭᠠᠭᠠᠮᠠᠯ ᠾᠢᠯᠺᠢᠶ᠎ᠠ ᠶᠢᠨ ᠬᠦᠦ ᠡᠯᠢᠶᠠᠺᠢᠮ᠂ ᠪᠢᠴᠢᠭᠡᠴᠢ ᠱᠧᠪᠨᠠ᠂ ᠰᠤᠳᠤᠷᠴᠢ ᠠᠰᠠᠹ ᠤᠨ ᠬᠦᠦ ᠶᠣᠶ᠎ᠠ ᠨᠠᠷ ᠤᠷᠠᠩ᠋ᠬᠠᠢ ᠬᠤᠪᠴᠠᠰᠤ ᠲᠠᠢ ᠪᠠᠨ ᠾᠧᠽᠧᠺᠢᠶ᠎ᠠ ᠤᠷᠤᠭᠤ ᠢᠷᠡᠵᠦ᠂ ᠷᠠᠪᠱᠠᠺᠧ ᠶᠢᠨ ᠦᠭᠡ ᠶᠢ ᠲᠡᠭᠦᠨ ᠳᠦ ᠠᠢᠯᠠᠳᠬᠠᠪᠠ᠃