1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠭᠤᠴᠢᠨ ᠲᠠᠪᠤ
 ᠠᠪᠤᠷᠠᠭᠳᠠᠭᠰᠠᠳ ᠤᠨ ᠪᠠᠶᠠᠰᠤᠯ
1 ᠵᠡᠯᠢᠭᠦᠳ ᠬᠠᠲᠠᠭᠰᠠᠨ ᠭᠠᠵᠠᠷ ᠪᠠᠶᠠᠷᠯᠠᠨ᠎ᠠ᠂ ᠴᠥᠯ ᠪᠠᠶᠠᠰᠤᠨ ᠴᠡᠴᠡᠭᠯᠡᠨ᠎ᠡ᠂ ᠰᠠᠷᠨᠠᠢ ᠴᠡᠴᠡᠭ ᠮᠡᠲᠦ
2 ᠪᠠᠳᠠᠷᠠᠨ ᠳᠡᠯᠭᠡᠷᠡᠵᠦ ᠦᠯᠡᠮᠵᠢ ᠶᠡᠬᠡ ᠪᠠᠶᠠᠰᠤᠨ᠂ ᠪᠠᠶᠠᠷ ᠲᠠᠢ ᠪᠠᠷ ᠳᠠᠭᠤᠯᠠᠨ᠎ᠠ ᠯᠧᠪᠠᠨᠣᠨ ᠤ ᠠᠯᠳᠠᠷ᠂ ᠺᠠᠷᠮᠧᠯ ᠪᠠ ᠱᠠᠷᠣᠨ ᠤ ᠭᠤᠸ᠎ᠠ ᠦᠵᠡᠰᠬᠦᠯᠡᠩ ᠲᠡᠭᠦᠨ ᠳᠦ ᠰᠣᠶᠣᠷᠬᠠᠭᠳᠠᠵᠤ ᠬᠥᠮᠦᠰ ᠶᠣᠬᠣᠸᠠ ᠶᠢᠨ ᠠᠯᠳᠠᠷ᠂ ᠪᠢᠳᠡᠨ ᠦ ᠪᠤᠷᠬᠠᠨ ᠤ ᠭᠤᠸ᠎ᠠ ᠦᠵᠡᠰᠬᠦᠯᠡᠩ ᠢ ᠬᠠᠷᠠᠨ᠎ᠠ᠃
3 ᠲᠠ ᠨᠠᠷ ᠳᠣᠷᠣᠢ ᠭᠠᠷ ᠢ ᠬᠦᠴᠦᠵᠢᠭᠦᠯ ᠳᠠᠭᠵᠢᠭᠰᠠᠨ ᠡᠪᠦᠳᠦᠭ ᠢ ᠪᠠᠲᠤᠵᠢᠭᠤᠯ᠃
4 ᠬᠤᠯᠴᠢᠭᠠᠷ ᠵᠢᠷᠦᠬᠡᠲᠡᠨ ᠳᠦ 《ᠬᠦᠴᠦᠲᠡᠢ ᠪᠠᠢ᠂ ᠪᠦᠦ ᠠᠶᠤ︕ ᠬᠠᠷᠠ᠂ ᠲᠠ ᠨᠠᠷ ᠤᠨ ᠪᠤᠷᠬᠠᠨ ᠠᠢᠰᠤᠢ ᠲᠡᠷᠡ ᠪᠡᠷ ᠥᠰᠢᠶ᠎ᠡ ᠠᠪᠴᠤ ᠬᠠᠷᠢᠭᠤ ᠥᠭᠭᠥᠨ᠎ᠡ᠂ ᠲᠡᠷᠡ ᠢᠷᠡᠵᠦ ᠲᠠ ᠨᠠᠷ ᠢ ᠠᠪᠤᠷᠠᠨ᠎ᠠ》 ᠭᠡᠵᠦ ᠬᠡᠯᠡ᠃
5 ᠲᠡᠷᠡ ᠦᠶ᠎ᠡ ᠳᠦ ᠰᠣᠬᠣᠷ ᠤᠨ ᠨᠢᠳᠦ ᠨᠡᠭᠡᠭᠡᠭᠳᠡᠵᠦ ᠳᠦᠯᠡᠢ ᠶᠢᠨ ᠴᠢᠬᠢ ᠣᠩ᠋ᠭᠣᠢᠨ᠎ᠠ
6 ᠲᠡᠷᠡ ᠦᠶ᠎ᠡ ᠳᠦ ᠳᠣᠭᠣᠯᠠᠩ ᠨᠢ ᠪᠤᠭᠤ ᠮᠡᠲᠦ ᠳᠡᠭᠦᠯᠢᠵᠦ ᠬᠡᠯᠡ ᠦᠭᠡᠢ ᠨᠢ ᠪᠠᠶᠠᠷ ᠲᠠᠢ ᠪᠠᠷ ᠬᠠᠰᠬᠢᠷᠤᠨ᠎ᠠ ᠴᠥᠯ ᠡᠴᠡ ᠤᠰᠤ ᠭᠠᠷᠴᠤ᠂ ᠡᠵᠡᠭᠦᠢ ᠲᠠᠯ᠎ᠠ ᠪᠠᠷ ᠤᠷᠤᠰᠤᠨ
7 ᠬᠠᠲᠠᠭᠰᠠᠨ ᠭᠠᠵᠠᠷ ᠨᠠᠭᠤᠷ᠂ ᠴᠠᠩ᠋ᠭᠠᠭᠰᠠᠨ ᠭᠠᠵᠠᠷ ᠱᠠᠩᠳᠠ ᠪᠣᠯᠣᠨ᠎ᠠ᠂ ᠴᠢᠨᠣ᠎ᠠ ᠶᠢᠨ ᠬᠡᠪᠲᠡᠳᠡᠭ ᠨᠦᠬᠡᠨ ᠳᠦ ᠡᠪᠡᠰᠦ᠂ ᠬᠤᠯᠤᠰᠤ ᠵᠡᠭᠡᠰᠦ ᠤᠷᠭᠤᠨ᠎ᠠ᠃
8 ᠲᠡᠨᠳᠡ ᠶᠡᠬᠡ ᠵᠠᠮ ᠪᠠᠢᠬᠤ ᠪᠣᠯᠣᠨ᠎ᠠ ᠲᠡᠭᠦᠨ ᠢ ᠠᠷᠢᠭᠤᠨ ᠵᠠᠮ ᠭᠡᠨ᠎ᠡ᠂ ᠲᠡᠷᠡᠭᠦᠷ ᠪᠤᠵᠠᠷ ᠨᠢ ᠦᠯᠦ ᠥᠩᠭᠡᠷᠡᠨ᠎ᠡ ᠲᠡᠷᠡ ᠵᠠᠮ ᠨᠢ ᠲᠡᠷᠡᠭᠦᠷ ᠠᠯᠬᠤᠭᠴᠢᠳ ᠤᠨ ᠬᠢ ᠲᠡᠨᠡᠭ ᠨᠢ ᠴᠤ ᠲᠡᠨᠳᠡ ᠲᠥᠭᠡᠷᠢᠬᠦ ᠦᠭᠡᠢ᠃
9 ᠲᠡᠨᠳᠡ ᠠᠷᠰᠯᠠᠨ ᠠᠯᠠᠭ᠎ᠠ ᠳᠣᠭᠰᠢᠨ ᠠᠷᠢᠶᠠᠲᠠᠨ ᠴᠤ ᠭᠠᠷᠬᠤ ᠦᠭᠡᠢ᠂ ᠲᠡᠳᠡ ᠲᠡᠨᠳᠡ ᠣᠯᠳᠠᠬᠤ ᠦᠭᠡᠢ ᠭᠠᠭᠴᠠ ᠬᠦ ᠵᠣᠯᠢᠭᠳᠠᠭᠰᠠᠳ ᠨᠢ ᠲᠡᠷᠡᠭᠦᠷ ᠠᠯᠬᠤᠨ᠎ᠠ᠃
10 ᠶᠣᠬᠣᠸᠠ ᠶᠢᠨ ᠵᠣᠯᠢᠨ ᠠᠪᠤᠭᠰᠠᠳ ᠡᠷᠭᠢᠵᠦ ᠽᠢᠶᠣᠨ ᠤᠷᠤᠭᠤ ᠳᠠᠭᠤᠤ ᠳᠠᠭᠤᠯᠠᠨ ᠢᠷᠡᠨ᠎ᠡ ᠲᠣᠯᠣᠭᠠᠢ ᠳᠡᠭᠡᠷ᠎ᠡ ᠨᠢ ᠮᠥᠩᠬᠡ ᠶᠢᠨ ᠪᠠᠶᠠᠰᠬᠤᠯᠠᠩ ᠪᠠᠢᠨ᠎ᠠ ᠪᠠᠶᠠᠷ ᠬᠥᠷ ᠲᠡᠳᠡᠨ ᠢ ᠨᠥᠮᠥᠷᠴᠦ ᠭᠤᠨᠢᠭ ᠭᠠᠰᠠᠯᠠᠩ ᠨᠢ ᠳᠠᠯᠳᠠ ᠣᠷᠣᠨ᠎ᠠ᠃