ᠢᠰᠠᠢᠶ᠎ᠠ ᠲᠠᠪᠢᠨ ᠳᠥᠷᠪᠡ
ᠢᠴᠢᠭᠦᠷᠢ ᠡᠴᠡ ᠠᠯᠳᠠᠷ ᠤᠷᠤᠭᠤ
1 ᠳᠠᠭᠤᠯᠠᠭᠲᠤᠨ᠂ ᠬᠡᠦᠬᠡᠳ ᠲᠥᠷᠥᠭᠦᠯᠦᠭᠡ ᠦᠭᠡᠢ᠂ ᠬᠡᠭᠦᠰᠡᠷ ᠴᠢ ᠡ᠂ ᠳᠠᠭᠤᠤ ᠳᠠᠭᠤᠯᠠᠨ ᠬᠠᠰᠬᠢᠷ᠂ ᠲᠥᠷᠥᠬᠦ ᠶᠢᠨ ᠵᠣᠪᠠᠯᠠᠩ ᠦᠵᠡᠭᠡ ᠦᠭᠡᠢ ᠴᠢ ᠡ᠂ ᠭᠣᠯᠣᠭᠳᠠᠭᠰᠠᠨ ᠡᠮᠡᠭᠲᠡᠢ ᠭᠡᠷᠯᠡᠭᠰᠡᠨ ᠡᠮᠡᠭᠲᠡᠢ ᠡᠴᠡ ᠣᠯᠠᠨ ᠬᠡᠦᠬᠡᠳ ᠲᠡᠢ ᠪᠣᠯᠪᠠ᠃ ᠶᠣᠬᠣᠸᠠ ᠠᠢᠯᠠᠳᠴᠤ ᠪᠠᠢᠨ᠎ᠠ᠃
2 ᠴᠢ ᠮᠠᠢᠬᠠᠨ ᠤ ᠪᠠᠨ ᠲᠠᠯᠠᠪᠠᠢ ᠶᠢ ᠥᠷᠭᠡᠳᠬᠡᠨ ᠰᠠᠭᠤᠴᠠᠨ ᠤ ᠪᠠᠨ ᠬᠥᠰᠢᠭᠡ ᠶᠢ ᠲᠡᠯᠡᠵᠦ᠂ ᠪᠦᠦ ᠰᠤᠯᠠᠷᠠᠭᠤᠯ ᠠᠷᠭᠠᠮᠵᠢᠶ᠎ᠠ ᠪᠠᠨ ᠤᠷᠲᠤᠰᠬᠠᠵᠤ᠂ ᠭᠠᠳᠠᠰᠤ ᠪᠠᠨ ᠪᠡᠬᠢᠯᠡ᠂
3 ᠴᠢ ᠪᠠᠷᠠᠭᠤᠨᠰᠢ ᠵᠡᠭᠦᠨᠰᠢ ᠲᠡᠯᠡᠬᠦ ᠪᠣᠯᠣᠨ᠎ᠠ᠂ ᠦᠷ᠎ᠡ ᠬᠣᠢᠴᠢ ᠴᠢᠨᠢ ᠦᠨᠳᠦᠰᠦᠲᠡᠨ ᠨᠦᠭᠦᠳ ᠢ ᠡᠵᠡᠯᠡᠵᠦ ᠡᠵᠡᠭᠦᠢᠷᠡᠭᠰᠡᠨ ᠬᠣᠲᠠ ᠨᠤᠭᠤᠳ ᠲᠤᠨᠢ ᠰᠠᠭᠤᠷᠢᠰᠢᠨ᠎ᠠ᠃
4 ᠪᠦᠦ ᠠᠶᠤ᠂ ᠴᠢ ᠢᠴᠢᠭᠦᠷᠢ ᠳᠤ ᠣᠷᠣᠬᠤ ᠦᠭᠡᠢ ᠪᠦᠦ ᠰᠠᠨᠳᠤᠷ᠂ ᠴᠢ ᠰᠢᠪᠰᠢᠭ ᠪᠣᠯᠬᠤ ᠦᠭᠡᠢ ᠴᠢ ᠵᠠᠯᠠᠭᠤ ᠨᠠᠰᠤᠨ ᠤ ᠪᠠᠨ ᠢᠴᠢᠭᠦᠷᠢ ᠶᠢ ᠮᠠᠷᠲᠠᠵᠤ ᠪᠡᠯᠪᠡᠰᠦᠷᠡᠯ ᠦᠨ ᠢᠶᠠᠨ ᠰᠢᠪᠰᠢᠭ ᠢ ᠳᠠᠬᠢᠵᠤ ᠰᠠᠨᠠᠬᠤ ᠦᠭᠡᠢ᠃
5 ᠤᠴᠢᠷ ᠨᠢ ᠴᠢᠮᠠᠶᠢ ᠪᠦᠲᠦᠭᠡᠭᠴᠢ ᠨᠢ ᠴᠢᠨᠦ ᠨᠥᠬᠥᠷ (ᠲᠡᠭᠦᠨ ᠦ ᠨᠡᠷ᠎ᠡ ᠨᠢ ᠠᠤᠭ᠎ᠠ ᠬᠦᠴᠦᠲᠦ ᠶᠣᠬᠣᠸᠠ)᠂ ᠴᠢᠮᠠᠶᠢ ᠵᠣᠯᠢᠭᠴᠢ ᠨᠢ ᠢᠰᠷᠧᠯ ᠤᠨ ᠠᠷᠢᠭᠤᠨ ᠨᠢᠭᠡᠨ (ᠲᠡᠷᠡ ᠪᠣᠯ ᠪᠦᠬᠦ ᠳᠡᠯᠡᠬᠡᠢ ᠶᠢᠨ ᠪᠤᠷᠬᠠᠨ)᠃
6 ᠬᠠᠶᠠᠭᠳᠠᠭᠰᠠᠨ᠂ ᠰᠡᠳᠬᠢᠯ ᠤᠨ ᠰᠢᠷᠬ᠎ᠠ ᠲᠠᠢ ᠡᠬᠡᠨᠡᠷ ᠮᠡᠲᠦ ᠢᠳᠡ ᠵᠠᠯᠠᠭᠤ ᠳᠠᠭᠠᠨ ᠭᠡᠷᠯᠡᠭᠡᠳ ᠬᠠᠶᠠᠭᠳᠠᠭᠰᠠᠨ ᠡᠬᠡᠨᠡᠷ ᠮᠡᠲᠦ ᠴᠢᠮᠠᠶᠢ ᠶᠣᠬᠣᠸᠠ ᠳᠠᠭᠤᠳᠠᠵᠤ ᠪᠠᠢᠨ᠎ᠠ ᠴᠢᠨᠦ ᠪᠤᠷᠬᠠᠨ ᠠᠢᠯᠠᠳᠴᠤ ᠪᠠᠢᠨ᠎ᠠ᠃
7 ᠪᠢ ᠲᠦᠷ ᠵᠠᠭᠤᠷ᠎ᠠ ᠴᠢᠮᠠᠶᠢ ᠬᠠᠶᠠᠭᠰᠠᠨ ᠪᠣᠯᠪᠠᠴᠤ ᠠᠭᠤᠤ ᠥᠷᠥᠰᠢᠶᠡᠯ ᠢᠶᠡᠷ ᠳᠠᠬᠢᠨ ᠠᠪᠴᠢᠷᠠᠨ᠎ᠠ᠂
8 ᠳᠦᠷᠡᠯᠵᠡᠭᠰᠡᠨ ᠠᠭᠤᠷ ᠲᠠᠭᠠᠨ ᠪᠢ ᠲᠦᠷ ᠵᠠᠭᠤᠷ᠎ᠠ ᠴᠢᠮ᠎ᠠ ᠠᠴᠠ ᠨᠢᠭᠤᠷ ᠢᠶᠠᠨ ᠨᠢᠭᠤᠭᠰᠠᠨ ᠪᠣᠯᠪᠠᠴᠤ ᠡᠭᠦᠷᠢᠳᠡ ᠶᠢᠨ ᠬᠠᠢᠷ᠎ᠠ ᠪᠠᠷ ᠴᠢᠮᠠᠶᠢ ᠥᠷᠥᠰᠢᠶᠡᠨ᠎ᠡ ᠴᠢᠮᠠᠶᠢ ᠵᠣᠯᠢᠭᠴᠢ ᠶᠣᠬᠣᠸᠠ ᠠᠢᠯᠠᠳᠴᠤ ᠪᠠᠢᠨ᠎ᠠ᠃
9 ᠨᠠᠳᠠ ᠳᠤ ᠡᠨᠡ ᠨᠢ ᠨᠣᠶᠠ ᠶᠢᠨ ᠦᠶᠡᠷ ᠮᠡᠲᠦ ᠪᠠᠢᠨ᠎ᠠ ᠨᠣᠶᠠ ᠶᠢᠨ ᠦᠶᠡᠷ ᠳᠡᠯᠡᠬᠡᠢ ᠶᠢ ᠳᠠᠬᠢᠨ ᠨᠥᠮᠥᠷᠬᠦ ᠦᠭᠡᠢ ᠭᠡᠵᠦ ᠲᠠᠩ᠋ᠭᠠᠷᠢᠭᠯᠠᠭᠰᠠᠨ ᠰᠢᠭ᠋ ᠢᠶᠠᠨ ᠴᠢᠮ᠎ᠠ ᠳᠤ ᠠᠭᠤᠷᠯᠠᠬᠤ ᠦᠭᠡᠢ᠂ ᠴᠢᠮᠠᠶᠢ ᠵᠢᠮᠡᠯᠡᠬᠦ ᠦᠭᠡᠢ ᠭᠡᠵᠦ ᠪᠢ ᠲᠠᠩ᠋ᠭᠠᠷᠢᠭᠯᠠᠶ᠎ᠠ᠃
10 ᠠᠭᠤᠯᠠᠰ ᠠᠷᠢᠯᠵᠤ᠂ ᠲᠣᠯᠣᠭᠠᠳ ᠳᠣᠷᠭᠢᠪᠠᠴᠤ ᠡᠨᠡᠷᠢᠯ ᠮᠢᠨᠢ ᠴᠢᠮ᠎ᠠ ᠠᠴᠠ ᠠᠷᠢᠯᠬᠤ ᠦᠭᠡᠢ ᠡᠩᠬᠡ ᠶᠢᠨ ᠭᠡᠷ᠎ᠡ ᠮᠢᠨᠢ ᠳᠣᠷᠭᠢᠬᠤ ᠦᠭᠡᠢ᠂ ᠴᠢᠮᠠᠶᠢ ᠥᠷᠥᠰᠢᠶᠡᠭᠴᠢ ᠶᠣᠬᠣᠸᠠ ᠠᠢᠯᠠᠳᠴᠤ ᠪᠠᠢᠨ᠎ᠠ᠃
11 ᠰᠢᠭᠤᠷᠭᠠᠨ ᠳᠤ ᠲᠠᠭᠤᠭᠳᠠᠭᠰᠠᠨ᠂ ᠲᠠᠢᠪᠤᠰᠢᠷᠠᠯ ᠦᠭᠡᠢ᠂ ᠰᠢᠨᠠᠯᠭᠠᠲᠤ ᠬᠣᠲᠠ ᠡ ᠪᠢ ᠴᠢᠮᠠᠶᠢ ᠣᠭ᠍ᠶᠤ ᠪᠠᠷ ᠪᠣᠰᠬᠠᠨ᠎ᠠ᠂ ᠪᠢ ᠰᠠᠭᠤᠷᠢ ᠶᠢ ᠴᠢᠨᠢ ᠪᠢᠳᠦᠷᠶ᠎ᠡ ᠪᠡᠷ ᠲᠠᠯᠪᠢᠵᠤ᠂
12 ᠣᠷᠣᠢ ᠶᠢ ᠴᠢᠨᠢ ᠪᠠᠳᠮᠠᠷᠠᠭ᠎ᠠ ᠪᠠᠷ ᠬᠠᠭᠠᠯᠭ᠎ᠠ ᠨᠤᠭᠤᠳ ᠢ ᠴᠢᠨᠢ ᠪᠣᠯᠣᠷ ᠢᠶᠠᠷ ᠬᠡᠷᠡᠮ ᠢ ᠴᠢᠨᠢ ᠪᠦᠬᠦᠯᠢ ᠳᠦᠨᠢ ᠦᠨᠡᠲᠦ ᠴᠢᠯᠠᠭᠤ ᠪᠠᠷ ᠬᠢᠨ᠎ᠡ᠃
13 ᠬᠡᠦᠬᠡᠳ ᠤᠳ ᠴᠢᠨᠢ ᠪᠦᠭᠦᠳᠡ ᠶᠣᠬᠣᠸᠠ ᠶᠢᠨ ᠰᠤᠷᠭᠠᠯ ᠲᠠᠢ ᠬᠡᠦᠬᠡᠳ ᠤᠳ ᠴᠢᠨᠢ ᠲᠤᠢᠯ ᠤᠨ ᠠᠮᠤᠭᠤᠯᠠᠩ ᠪᠣᠯᠣᠨ᠎ᠠ᠃
14 ᠴᠢ ᠵᠥᠪ ᠢᠶᠡᠷ ᠪᠠᠲᠤᠵᠢᠨ᠎ᠠ ᠳᠠᠷᠤᠯᠠᠯ ᠬᠣᠯᠠᠳᠠᠵᠤ᠂ ᠠᠢᠳᠠᠰ ᠦᠭᠡᠢ ᠪᠣᠯᠣᠨ᠎ᠠ ᠲᠦᠭᠰᠢᠭᠦᠷᠢ ᠨᠢ ᠴᠢᠮ᠎ᠠ ᠤᠷᠤᠭᠤ ᠣᠢᠷᠠᠲᠤᠬᠤ ᠦᠭᠡᠢ᠃
15 ᠬᠠᠷ᠎ᠠ᠂ ᠲᠡᠳᠡ ᠦᠢᠮᠡᠭᠡᠨ ᠵᠥᠷᠢᠴᠡᠯ ᠳᠡᠭᠳᠡᠭᠡᠭᠰᠡᠨ ᠴᠤ ᠨᠠᠳᠠ ᠠᠴᠠ ᠪᠢᠰᠢ ᠶᠤᠮ ᠴᠢᠨᠦ ᠡᠰᠡᠷᠭᠦ ᠦᠢᠮᠡᠭᠡᠨ ᠳᠡᠭᠳᠡᠭᠡᠭᠴᠢ ᠪᠦᠬᠦᠨ ᠴᠢᠨᠦ ᠡᠮᠦᠨ᠎ᠡ ᠤᠨᠠᠨ᠎ᠠ᠃
16 ᠬᠠᠷ᠎ᠠ᠂ ᠨᠡᠭᠦᠷᠡᠰᠦᠨ ᠭᠠᠯ ᠢ ᠦᠯᠢᠶᠡᠵᠦ᠂ ᠠᠵᠢᠯ ᠤᠨ ᠢᠶᠠᠨ ᠵᠡᠪᠰᠡᠭ ᠢ ᠬᠢᠳᠡᠭ ᠳᠠᠷᠬᠠᠨ ᠢ ᠪᠢ ᠯᠠ ᠪᠦᠲᠦᠭᠡᠭᠰᠡᠨ ᠡᠪᠳᠡᠨ ᠰᠦᠢᠳᠬᠡᠭᠴᠢ ᠶᠢ ᠴᠤ ᠪᠢ ᠯᠠ ᠪᠦᠲᠦᠭᠡᠭᠰᠡᠨ᠂
17 ᠴᠢᠮᠠᠶᠢ ᠴᠣᠬᠢᠬᠤ ᠪᠠᠷ ᠪᠦᠲᠦᠭᠡᠭᠳᠡᠭᠰᠡᠨ ᠵᠡᠪᠰᠡᠭ ᠪᠦᠲᠦᠯ ᠦᠭᠡᠢ ᠪᠣᠯᠵᠤ ᠴᠢᠮᠠᠶᠢ ᠵᠠᠭᠠᠯᠳᠤᠬᠤ ᠪᠠᠷ ᠪᠣᠰᠣᠭᠴᠢ ᠶᠢᠨ ᠬᠡᠯᠡ ᠪᠣᠯᠭᠠᠨ ᠢ ᠴᠢ ᠮᠣᠬᠣᠭᠠᠨᠠ᠂ ᠡᠳᠡᠭᠡᠷ ᠨᠢ ᠶᠣᠬᠣᠸᠠ ᠶᠢᠨ ᠵᠠᠷᠤᠴᠠ ᠨᠠᠷ ᠤᠨ ᠣᠯᠬᠤ ᠬᠤᠪᠢ ᠨᠠᠳᠠ ᠠᠴᠠ ᠢᠷᠡᠬᠦ ᠵᠥᠪᠲᠥᠭᠡᠯ ᠶᠤᠮ ᠶᠣᠬᠣᠸᠠ ᠠᠢᠯᠠᠳᠴᠤ ᠪᠠᠢᠨ᠎ᠠ᠃