ᠢᠰᠠᠢᠶ᠎ᠠ ᠭᠤᠷᠪᠠ
ᠶᠦᠳᠠ ᠨᠢᠭᠦᠯ ᠳᠡᠭᠡᠨ ᠤᠨᠠᠨ᠎ᠠ
1 ᠬᠠᠷ᠎ᠠ᠂ ᠠᠤᠭ᠎ᠠ ᠬᠦᠴᠦᠲᠦ ᠡᠵᠡᠨ ᠶᠣᠬᠣᠸᠠ ᠶᠧᠷᠦ᠋ᠰᠠᠯᠧᠮ ᠪᠣᠯᠣᠨ ᠶᠦᠳᠠ ᠶᠢᠨ ᠲᠦᠰᠢᠭᠯᠡᠳᠡᠭ ᠬᠠᠩ᠋ᠭᠠᠮᠵᠢ ᠶᠢ ᠲᠠᠰᠤᠯᠬᠤ ᠭᠡᠵᠦ ᠪᠠᠢᠨ᠎ᠠ᠂ ᠬᠦᠨᠡᠰᠦᠨ ᠦ ᠪᠦᠬᠦ ᠬᠠᠩ᠋ᠭᠠᠮᠵᠢ ᠤᠰᠤᠨ ᠤ ᠪᠦᠬᠦ ᠬᠠᠩ᠋ᠭᠠᠮᠵᠢ
2 ᠪᠠᠭᠠᠲᠤᠷ ᠪᠠ ᠪᠠᠢᠯᠳᠤᠭᠴᠢ ᠰᠢᠭᠦᠭᠴᠢ ᠪᠠ ᠡᠰᠢ ᠦᠵᠡᠭᠦᠯᠦᠭᠴᠢ ᠲᠥᠯᠭᠡᠴᠢ ᠪᠠ ᠠᠬᠠᠯᠠᠭᠴᠢ
3 ᠲᠠᠪᠢᠲᠤ ᠶᠢᠨ ᠳᠠᠷᠤᠭ᠎ᠠ ᠪᠠ ᠳᠡᠭᠡᠳᠦ ᠲᠤᠰᠢᠶᠠᠯᠲᠠᠨ ᠵᠥᠪᠯᠡᠭᠴᠢ᠂ ᠤᠷᠠᠨ ᠳᠠᠷᠬᠠᠨ ᠪᠣᠯᠣᠨ ᠤᠪᠰᠠᠭᠠ ᠲᠠᠢ ᠶᠢᠯᠸᠢᠴᠢᠨ ᠢ ᠴᠤ ᠲᠠᠰᠤᠯᠤᠨ᠎ᠠ᠃
4 ᠪᠢ ᠵᠠᠯᠠᠭᠤᠰ ᠢ ᠲᠡᠳᠡᠨ ᠦ ᠵᠠᠬᠢᠷᠤᠭᠴᠢ ᠪᠣᠯᠭᠠᠵᠤ ᠨᠢᠯᠬ᠎ᠠ ᠬᠡᠦᠬᠡᠳ ᠢᠶᠡᠷ ᠲᠡᠳᠡᠨ ᠢ ᠨᠣᠶᠠᠷᠬᠠᠭᠤᠯᠤᠨᠠ᠃
5 ᠠᠷᠠᠳ ᠣᠯᠠᠨ ᠤ ᠨᠢᠭᠡ ᠨᠢ ᠨᠥᠭᠥᠭᠡ ᠪᠡᠨ ᠬᠥᠮᠦᠨ ᠪᠦᠷᠢ ᠬᠥᠷᠰᠢ ᠪᠠᠨ ᠳᠠᠷᠤᠯᠠᠵᠤ ᠵᠠᠯᠠᠭᠤ ᠨᠢ ᠬᠥᠭᠰᠢᠨ ᠤᠷᠤᠭᠤ ᠪᠠᠨ ᠳᠣᠣᠷᠠᠳᠤᠰ ᠨᠢ ᠶᠡᠬᠡᠰ ᠤᠷᠤᠭᠤ ᠪᠠᠨ ᠳᠠᠭᠠᠷᠢᠨ᠎ᠠ᠃
6 ᠨᠢᠭᠡ ᠬᠥᠮᠦᠨ ᠡᠴᠢᠭᠡ ᠶᠢᠨ ᠢᠶᠠᠨ ᠭᠡᠷ ᠲᠦ ᠳᠡᠭᠦᠦ ᠪᠡᠨ ᠪᠠᠷᠢᠵᠤ ᠠᠪᠤᠭᠠᠳ 《ᠴᠢ ᠨᠥᠮᠥᠷᠭᠡ ᠲᠠᠢ ᠪᠣᠯᠬᠣᠷ ᠪᠢᠳᠡᠨ ᠦ ᠵᠠᠬᠢᠷᠤᠭᠴᠢ ᠪᠣᠯ᠂ ᠡᠨᠡ ᠪᠠᠯᠭᠠᠰᠤᠨ ᠳᠡᠭᠡᠷ᠎ᠡ ᠪᠢᠳᠡ ᠴᠢᠨᠦ ᠭᠠᠷ ᠳᠣᠣᠷ᠎ᠠ ᠣᠷᠣᠶ᠎ᠠ》 ᠭᠡᠨ᠎ᠡ᠂
7 ᠲᠡᠷᠡ ᠡᠳᠦᠷ ᠥᠨᠥᠬᠢ ᠬᠥᠮᠦᠨ ᠥᠨᠳᠥᠷ ᠳᠠᠭᠤ ᠪᠠᠷ 《ᠪᠢ ᠲᠤᠰᠠᠯᠠᠵᠤ ᠴᠢᠳᠠᠬᠤ ᠦᠭᠡᠢ ᠮᠠᠨ ᠤ ᠭᠡᠷ ᠲᠦ ᠬᠦᠨᠡᠰᠦ ᠴᠤ᠂ ᠨᠥᠮᠥᠷᠭᠡ ᠴᠤ ᠪᠠᠢᠬᠤ ᠦᠭᠡᠢ ᠪᠢ ᠠᠷᠠᠳ ᠲᠦᠮᠡᠨ ᠦ ᠵᠠᠬᠢᠷᠤᠭᠴᠢ ᠪᠣᠯᠬᠤ ᠦᠭᠡᠢ》 ᠭᠡᠬᠦ ᠪᠣᠯᠣᠨ᠎ᠠ᠃
8 ᠶᠧᠷᠦ᠋ᠰᠠᠯᠧᠮ ᠪᠦᠳᠦᠷᠢᠵᠦ ᠶᠦᠳᠠ ᠤᠨᠠᠬᠤ ᠪᠣᠯᠣᠯ᠎ᠠ ᠲᠡᠳᠡ ᠬᠡᠯᠡ ᠪᠠ ᠦᠢᠯᠡᠰ ᠢᠶᠡᠷ ᠢᠶᠠᠨ ᠶᠣᠬᠣᠸᠠ ᠶᠢ ᠰᠥᠷᠴᠦ ᠠᠯᠳᠠᠷ ᠰᠤᠤᠲᠤ ᠮᠡᠯᠮᠡᠢ ᠶᠢᠨ ᠬᠢᠨᠢ ᠡᠮᠦᠨ᠎ᠡ ᠵᠥᠷᠢᠭᠦᠳᠯᠡᠵᠡᠢ᠃
9 ᠲᠡᠳᠡᠨ ᠦ ᠪᠤᠷᠤᠭᠤ ᠶᠢ ᠥᠪᠡᠷᠰᠡᠳ ᠦᠨ ᠬᠢᠨᠢ ᠴᠢᠷᠠᠢ ᠭᠡᠷᠡᠴᠢᠯᠡᠳᠡᠭ ᠲᠡᠳᠡ ᠥᠪᠡᠷᠰᠡᠳ ᠦᠨ ᠢᠶᠠᠨ ᠨᠢᠭᠦᠯ ᠢ ᠰᠣᠳᠣᠮ ᠰᠢᠭ᠋ ᠢᠯᠡ ᠪᠣᠯᠭᠠᠳᠠᠭ ᠭᠠᠰᠠᠯᠠᠩᠲᠠᠶ᠎ᠠ᠂ ᠲᠡᠳᠡ ᠥᠪᠡᠷᠰᠡᠳ ᠦᠨ ᠢᠶᠠᠨ ᠳᠡᠭᠡᠷ᠎ᠡ ᠭᠠᠮᠰᠢᠭ ᠢ ᠠᠪᠴᠢᠷᠠᠵᠠᠢ︕
10 ᠲᠠ ᠨᠠᠷ ᠵᠥᠪᠲᠡᠨ ᠳᠦ 《ᠪᠤᠶᠠᠨ ᠲᠠᠢ》 ᠭᠡᠵᠦ ᠬᠡᠯᠡ ᠲᠡᠳᠡ ᠦᠢᠯᠡᠰ ᠦᠨ ᠢᠶᠠᠨ ᠦᠷ᠎ᠡ ᠵᠢᠮᠢᠰ ᠢ ᠠᠮᠰᠠᠨ᠎ᠠ᠃
11 ᠪᠤᠷᠤᠭᠤᠲᠠᠨ ᠭᠠᠰᠠᠯᠠᠩ ᠲᠠᠢ᠂ ᠲᠡᠷᠡ ᠭᠠᠷ ᠢᠶᠠᠷ ᠢᠶᠠᠨ ᠬᠢᠭᠰᠡᠨ ᠦ ᠪᠠᠨ ᠶᠣᠰᠣᠭᠠᠷ ᠬᠠᠷᠢᠭᠤ ᠪᠠᠨ ᠣᠯᠣᠨ᠎ᠠ᠃
12 ᠠᠷᠠᠳ ᠲᠦᠮᠡᠨ ᠢ ᠮᠢᠨᠢ ᠵᠠᠯᠠᠭᠤᠰ ᠳᠠᠷᠤᠯᠠᠵᠤ ᠡᠮᠡᠭᠲᠡᠢᠴᠦᠳ ᠵᠠᠬᠢᠷᠳᠠᠭ᠂ ᠠᠷᠠᠳ ᠲᠦᠮᠡᠨ ᠮᠢᠨᠢ ᠡ ᠳᠠᠭᠠᠭᠤᠯᠤᠭᠴᠢᠳ ᠵᠠᠮ ᠢ ᠴᠢᠨᠢ ᠲᠥᠭᠡᠷᠢᠭᠦᠯᠵᠦ ᠵᠢᠮ ᠢ ᠴᠢᠨᠢ ᠪᠤᠳᠤᠯᠢᠭᠤᠯᠵᠠᠢ᠃
13 ᠶᠣᠬᠣᠸᠠ ᠶᠠᠯᠠᠯᠠᠬᠤ ᠪᠠᠷ ᠪᠣᠰᠴᠤ ᠦᠨᠳᠦᠰᠦᠲᠡᠨ ᠨᠦᠭᠦᠳ ᠢ ᠰᠢᠭᠦᠬᠦ ᠪᠡᠷ ᠵᠣᠭᠰᠣᠯ᠎ᠠ᠃
14 ᠶᠣᠬᠣᠸᠠ ᠠᠷᠠᠳ ᠲᠦᠮᠡᠨ ᠦ ᠪᠠᠨ ᠠᠬᠠᠯᠠᠭᠴᠢᠳ ᠪᠣᠯᠣᠨ ᠨᠣᠶᠠᠳ ᠢ ᠰᠢᠭᠦᠬᠦ ᠪᠡᠷ ᠣᠷᠣᠪᠠ᠄ 《ᠲᠠ ᠨᠠᠷ ᠦᠵᠦᠮ ᠦᠨ ᠲᠠᠯᠠᠪᠠᠢ ᠶᠢ ᠮᠢᠨᠢ ᠴᠥᠯᠮᠥᠵᠡᠢ ᠲᠠᠨ ᠤ ᠭᠡᠷ ᠲᠦ ᠶᠠᠳᠠᠭᠤᠰ ᠠᠴᠠ ᠪᠤᠯᠢᠶᠠᠭᠰᠠᠨ ᠣᠯᠵᠠ ᠪᠤᠢ᠃
15 ᠶᠠᠭᠠᠬᠢᠭᠠᠳ ᠲᠠ ᠨᠠᠷ ᠠᠷᠠᠳ ᠲᠦᠮᠡᠨ ᠢ ᠮᠢᠨᠢ ᠪᠢᠴᠠᠯᠵᠤ ᠶᠠᠳᠠᠭᠤᠰ ᠤᠨ ᠨᠢᠭᠤᠷ ᠳᠡᠭᠡᠭᠦᠷ ᠲᠡᠭᠡᠷᠮᠡᠳᠡᠨᠡ ᠪᠤᠢ︖》 ᠠᠤᠭ᠎ᠠ ᠬᠦᠴᠦᠲᠦ ᠡᠵᠡᠨ ᠶᠣᠬᠣᠸᠠ ᠠᠢᠯᠠᠳᠴᠤ ᠪᠠᠢᠨ᠎ᠠ᠃
16 ᠶᠣᠬᠣᠸᠠ ᠡᠢᠨ ᠬᠦ ᠠᠢᠯᠠᠳᠤᠯ᠎ᠠ᠄ 《ᠽᠢᠶᠣᠨ ᠤ ᠥᠬᠢᠳ ᠪᠠᠷᠳᠠᠮᠨᠠᠵᠤ ᠬᠦᠵᠦᠭᠦᠦ ᠭᠡᠳᠡᠢᠯᠭᠡᠨ ᠥᠳᠥᠭᠡᠭᠰᠡᠨ ᠬᠠᠷᠠᠴᠠ ᠭᠦᠶᠦᠯᠭᠡᠨ ᠰᠢᠯᠪᠢ ᠶᠢᠨ ᠬᠣᠩ᠋ᠬᠣ ᠪᠠᠨ ᠵᠢᠩᠭᠢᠨᠡᠭᠦᠯᠦᠨ ᠮᠠᠶ᠋ᠢᠭ ᠲᠠᠢ ᠠᠯᠬᠤᠵᠤ ᠪᠠᠢᠨ᠎ᠠ᠃
17 ᠬᠠᠷᠢᠨ ᠡᠵᠡᠨ ᠶᠣᠬᠣᠸᠠ ᠽᠢᠶᠣᠨ ᠤ ᠥᠬᠢᠳ ᠤᠨ ᠲᠣᠯᠣᠭᠠᠢ ᠳᠤᠨᠢ ᠬᠠᠮᠠᠭᠤ ᠭᠠᠷᠭᠠᠨ ᠮᠠᠩᠨᠠᠢ ᠶᠢ ᠨᠢ ᠬᠠᠯᠵᠠᠯᠠᠨᠠ᠃》
18 ᠲᠡᠷᠡ ᠡᠳᠦᠷ ᠡᠵᠡᠨ ᠴᠢᠮᠡᠭ ᠢ ᠨᠢ ᠬᠤᠷᠢᠶᠠᠨ᠎ᠠ᠂ ᠭᠠᠷᠠᠬ᠎ᠠ᠂ ᠭᠡᠵᠢᠭᠡᠨ ᠦ ᠤᠶᠠᠭ᠎ᠠ᠂ ᠰᠠᠷᠠᠨ ᠬᠡᠯᠪᠡᠷᠢᠲᠡᠢ ᠭᠣᠶᠣᠯ
19 ᠡᠭᠡᠮᠦᠭ᠂ ᠪᠠᠭᠤᠪᠴᠢ᠂ ᠭᠢᠪᠯᠡᠭᠦᠷ
20 ᠮᠠᠯᠠᠭᠠᠢ᠂ ᠰᠢᠯᠪᠢ ᠶᠢᠨ ᠭᠠᠷᠠᠬ᠎ᠠ᠂ ᠪᠦᠰᠡ᠂ ᠦᠨᠦᠷᠲᠡᠨ ᠦ ᠬᠠᠢᠷᠴᠠᠭ᠂ ᠰᠠᠬᠢᠭᠤᠰᠤ
21 ᠪᠥᠭᠡᠵᠢ᠂ ᠬᠠᠮᠠᠷ ᠤᠨ ᠭᠠᠷᠠᠬ᠎ᠠ
22 ᠶᠣᠰᠣᠯᠠᠯ ᠤᠨ ᠬᠤᠪᠴᠠᠰᠤ᠂ ᠳᠡᠪᠡᠯ᠂ ᠨᠥᠮᠥᠷᠭᠡ᠂ ᠲᠦᠷᠡᠢᠪᠴᠢ
23 ᠲᠣᠯᠢ᠂ ᠮᠠᠭᠠᠯᠢᠩ᠋ᠭᠤᠨ ᠬᠤᠪᠴᠠᠰᠤ᠂ ᠣᠷᠢᠶᠠᠯᠲᠠ᠂ ᠠᠯᠴᠢᠭᠤᠷ ᠵᠡᠷᠭᠡ ᠶᠢ ᠪᠦᠭᠦᠳᠡ ᠶᠢ ᠨᠢ ᠬᠤᠷᠢᠶᠠᠨ᠎ᠠ᠂
24 ᠠᠩᠬᠢᠯᠤᠭ ᠤᠨ ᠣᠷᠣᠨ ᠳᠤ ᠥᠮᠡᠬᠡᠢ ᠦᠨᠦᠷ ᠪᠦᠰᠡ ᠶᠢᠨ ᠣᠷᠣᠨ ᠳᠤ ᠣᠯᠣᠰᠣ ᠭᠣᠶᠣᠮᠰᠣᠭ ᠭᠡᠵᠢᠭᠡ ᠶᠢᠨ ᠣᠷᠣᠨ ᠳᠤ ᠬᠠᠯᠵᠠᠨ ᠮᠠᠩᠨᠤᠭ ᠳᠡᠪᠡᠯ ᠦᠨ ᠣᠷᠣᠨ ᠳᠤ ᠲᠠᠭᠠᠷ ᠦᠵᠡᠰᠬᠦᠯᠡᠩ ᠭᠤᠸ᠎ᠠ ᠶᠢᠨ ᠣᠷᠣᠨ ᠳᠤ ᠤᠯᠠᠢᠰᠤᠭᠰᠠᠨ ᠲᠠᠮᠠᠭ᠎ᠠ ᠪᠠᠢᠬᠤ ᠪᠣᠯᠣᠨ᠎ᠠ᠃
25 ᠲᠠᠨ ᠤ ᠡᠷᠡᠴᠦᠳ ᠢᠯᠳᠦᠨ ᠳᠦ ᠲᠠᠨ ᠤ ᠳᠠᠢᠴᠢᠳ ᠳᠠᠢᠨ ᠳᠤ ᠤᠨᠠᠨ᠎ᠠ᠃
26 ᠬᠠᠭᠠᠯᠭ᠎ᠠ ᠨᠤᠭᠤᠳ ᠨᠢ ᠭᠠᠰᠢᠭᠤᠳᠠᠨ ᠤᠬᠢᠯᠠᠵᠤ ᠬᠣᠲᠠ ᠶᠢᠨ ᠬᠢᠨ ᠬᠠᠶᠠᠭᠳᠠᠵᠤ ᠭᠠᠵᠠᠷ ᠳᠡᠭᠡᠷ᠎ᠡ ᠰᠠᠭᠤᠨ᠎ᠠ᠃