1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠲᠠᠪᠢᠨ ᠨᠠᠢ᠌ᠮᠠ
 ᠵᠥᠪ ᠪᠠᠴᠠᠭ ᠪᠠᠷᠢᠯᠲᠠ
1 ᠴᠢᠩᠭ᠍᠎ᠠ ᠪᠠᠷ ᠬᠠᠰᠬᠢᠷ︕ ᠪᠦᠦ ᠬᠣᠷᠢᠭᠯᠠ᠂ ᠳᠠᠭᠤ ᠪᠠᠨ ᠪᠦᠷᠢᠶ᠎ᠡ ᠮᠡᠲᠦ ᠥᠨᠳᠥᠷᠰᠡᠭᠡᠨ ᠠᠷᠠᠳ ᠲᠦᠮᠡᠨ ᠳᠦ ᠮᠢᠨᠢ ᠬᠢᠯᠢᠨᠴᠡ ᠶᠢ ᠨᠢ ᠶᠠᠺᠣᠪ ᠤᠨ ᠭᠡᠷ ᠲᠦ ᠨᠢᠭᠦᠯ ᠢ ᠨᠢ ᠮᠡᠳᠡᠭᠦᠯᠦᠭᠲᠦᠨ᠃
2 ᠲᠡᠳᠡ ᠪᠤᠷᠬᠠᠨ ᠤ ᠪᠠᠨ ᠵᠢᠷᠤᠮ ᠢ ᠣᠷᠬᠢᠳᠠᠭ ᠦᠭᠡᠢ ᠵᠥᠪ ᠢ ᠦᠢᠯᠡᠳᠳᠡᠭ ᠦᠨᠳᠦᠰᠦᠲᠡᠨ ᠰᠢᠭ ᠨᠠᠮᠠᠶᠢ ᠡᠳᠦᠷ ᠡᠳᠦᠷ ᠡᠷᠢᠵᠦ ᠵᠠᠮ ᠢ ᠮᠢᠨᠢ ᠮᠡᠳᠡᠬᠦ ᠶᠢ ᠬᠦᠰᠡᠵᠦ ᠵᠥᠪ ᠰᠢᠢᠳᠪᠦᠷᠢ ᠶᠢᠨ ᠲᠥᠯᠥᠭᠡ ᠨᠠᠳᠠ ᠠᠴᠠ ᠠᠰᠠᠭᠤᠨ ᠪᠤᠷᠬᠠᠨ ᠤᠷᠤᠭᠤ ᠣᠢᠷᠠᠲᠤᠬᠤ ᠶᠢ ᠬᠦᠰᠡᠳᠡᠭ ᠴᠤ
3 〈ᠪᠢᠳᠡ ᠪᠠᠴᠠᠭ ᠪᠠᠷᠢᠳᠠᠭ ᠠᠲᠠᠯ᠎ᠠ ᠲᠠ ᠶᠠᠭᠠᠬᠢᠭᠠᠳ ᠠᠩ᠋ᠬᠠᠷᠬᠤ ᠦᠭᠡᠢ ᠥᠪᠡᠷ ᠢ ᠪᠠᠨ ᠳᠠᠷᠤᠤ ᠪᠣᠯᠭᠠᠳᠠᠭ ᠠᠲᠠᠯ᠎ᠠ ᠲᠠ ᠶᠠᠭᠠᠬᠢᠭᠠᠳ ᠠᠩᠵᠠᠭᠠᠷᠠᠳᠠᠭ ᠦᠭᠡᠢ ᠪᠤᠢ︖〉 ᠭᠡᠨ᠎ᠡ ᠬᠠᠷᠠ᠂ ᠪᠠᠴᠠᠭ ᠪᠠᠷᠢᠬᠤ ᠡᠳᠦᠷ ᠲᠡᠭᠡᠨ ᠲᠠ ᠨᠠᠷ ᠳᠤᠷᠠᠲᠠᠢ ᠪᠠᠨ ᠦᠢᠯᠡᠳᠦᠨ ᠬᠠᠮᠤᠭ ᠠᠵᠢᠯᠴᠢᠨ ᠢᠶᠠᠨ ᠳᠠᠷᠤᠯᠠᠳᠠᠭ᠃
4 ᠬᠠᠷᠠ᠂ ᠲᠠ ᠨᠠᠷ ᠪᠠᠴᠠᠭ ᠪᠠᠷᠢᠪᠠᠴᠤ ᠮᠠᠷᠭᠤᠯᠳᠤᠨ ᠭᠡᠷᠡᠯᠲᠦᠳᠡᠭ ᠬᠣᠷᠣᠨ ᠮᠠᠭᠤ ᠨᠢᠳᠤᠷᠭ᠎ᠠ ᠪᠠᠷ ᠢᠶᠠᠨ ᠵᠣᠳᠣᠯᠳᠤᠳᠠᠭ᠂ ᠳᠠᠭᠤ ᠪᠠᠨ ᠥᠨᠳᠥᠷ ᠥᠭᠡᠳᠡ ᠰᠣᠨᠣᠰᠬᠠᠶ᠎ᠠ ᠭᠡᠪᠡᠯ ᠲᠠ ᠨᠠᠷ ᠪᠠᠴᠠᠭ ᠢ ᠥᠨᠥᠳᠥᠷ ᠦᠨ ᠬᠢ ᠮᠡᠲᠦ ᠪᠠᠷᠢᠵᠤ ᠪᠣᠯᠬᠤ ᠦᠭᠡᠢ᠃
5 ᠲᠡᠳᠡᠭᠡᠷ ᠨᠢ ᠮᠢᠨᠦ ᠲᠣᠭᠲᠠᠭᠠᠭᠰᠠᠨ ᠪᠠᠴᠠᠭ ᠪᠠᠷᠢᠯᠲᠠ ᠪᠤᠶᠤ ᠬᠥᠮᠦᠨ ᠦ ᠥᠪᠡᠷ ᠢ ᠪᠠᠨ ᠳᠠᠷᠤᠤ ᠪᠣᠯᠭᠠᠬᠤ ᠡᠳᠦᠷ ᠭᠡᠵᠢ ᠤᠤ︖ ᠲᠠ ᠨᠠᠷ ᠲᠣᠯᠣᠭᠠᠢ ᠪᠠᠨ ᠵᠡᠭᠡᠰᠦ ᠮᠡᠲᠦ ᠪᠥᠬᠥᠢᠯᠭᠡᠨ ᠲᠠᠭᠠᠷ ᠨᠥᠮᠥᠷᠥᠨ ᠦᠨᠡᠰᠦᠨ ᠳᠡᠭᠡᠷ᠎ᠡ ᠬᠡᠪᠲᠡᠬᠦ ᠶᠢ ᠯᠠ ᠪᠠᠴᠠᠭ ᠪᠠᠷᠢᠯᠲᠠ᠂ ᠶᠣᠬᠣᠸᠠ ᠳᠤ ᠲᠠᠭᠠᠯᠠᠮᠵᠢᠲᠤ ᠡᠳᠦᠷ ᠭᠡᠵᠦ ᠬᠡᠯᠡᠨ᠎ᠡ ᠤᠤ︖
6 ᠮᠢᠨᠦ ᠲᠣᠭᠲᠠᠭᠠᠭᠰᠠᠨ ᠪᠠᠴᠠᠭ ᠪᠠᠷᠢᠯᠲᠠ ᠪᠣᠯ ᠬᠣᠷᠣᠨ ᠮᠠᠭᠤ ᠶᠢᠨ ᠭᠢᠨᠵᠢ ᠶᠢ ᠮᠤᠯᠲᠤᠯᠤᠨ ᠪᠤᠭᠤᠯᠠᠭᠠᠨ ᠤ ᠣᠭᠣᠰᠣᠷ ᠢ ᠲᠠᠢᠯᠵᠤ ᠳᠠᠷᠤᠯᠠᠭᠳᠠᠭᠰᠠᠳ ᠢ ᠴᠢᠯᠥᠭᠡᠯᠡᠵᠦ ᠠᠯᠢᠪᠠ ᠪᠤᠭᠤᠯᠠᠭ᠎ᠠ ᠶᠢ ᠡᠪᠳᠡᠬᠦ ᠪᠢᠰᠢ ᠤᠤ︖
7 ᠪᠠᠰᠠ ᠥᠯᠥᠰᠬᠥᠯᠡᠩ ᠬᠥᠮᠦᠨ ᠲᠡᠢ ᠪᠣᠣᠪᠣ ᠪᠠᠨ ᠬᠤᠪᠢᠶᠠᠨ ᠣᠷᠣᠨ ᠭᠡᠷ ᠦᠭᠡᠢ ᠶᠠᠳᠠᠭᠤᠰ ᠢ ᠭᠡᠷ ᠲᠡᠭᠡᠨ ᠠᠪᠴᠢᠷᠠᠬᠤ ᠨᠢᠴᠦᠭᠦᠨ ᠢ ᠬᠠᠷᠠᠪᠠᠯ ᠨᠥᠮᠥᠷᠭᠡᠬᠦ ᠲᠥᠷᠥᠯ ᠰᠠᠳᠤᠨ ᠠᠴᠠ ᠪᠠᠨ ᠦᠯᠦ ᠳᠠᠯᠳᠠᠯᠠᠬᠤ ᠬᠡᠷᠡᠭ ᠪᠢᠰᠢ ᠤᠤ︖
8 ᠲᠡᠭᠡᠪᠡᠯ ᠭᠡᠷᠡᠯ ᠴᠢᠨᠢ ᠦᠷ ᠦᠨ ᠭᠡᠭᠡ ᠰᠢᠭ ᠰᠠᠴᠤᠷᠠᠵᠤ ᠡᠳᠡᠭᠡᠷᠡᠯ ᠴᠢᠨᠢ ᠲᠦᠷᠭᠡᠨ ᠢᠷᠡᠨ᠎ᠡ᠂ ᠴᠢᠨᠦ ᠵᠥᠪ ᠴᠢᠨᠦ ᠡᠮᠦᠨ᠎ᠡ ᠶᠠᠪᠤᠵᠤ ᠶᠣᠬᠣᠸᠠ ᠶᠢᠨ ᠠᠯᠳᠠᠷ ᠴᠢᠨᠦ ᠠᠷᠤ ᠬᠠᠮᠠᠭᠠᠯᠠᠯᠲᠠ ᠪᠣᠯᠣᠨ᠎ᠠ᠃
9 ᠲᠡᠭᠡᠪᠡᠯ ᠳᠠᠭᠤᠳᠠᠬᠤ ᠳᠤ ᠴᠢᠨᠢ ᠶᠣᠬᠣᠸᠠ ᠬᠠᠷᠢᠭᠤᠯᠤᠨ᠎ᠠ ᠴᠢ ᠬᠠᠰᠬᠢᠷᠬᠤ ᠳᠤ᠂ ᠲᠡᠷᠡ᠄ 〈ᠪᠢ ᠡ᠊ᠨᠳᠡ ᠪᠠᠢᠨ᠎ᠠ〉 ᠭᠡᠵᠦ ᠠᠢᠯᠠᠳᠤᠨ᠎ᠠ ᠬᠡᠷᠪᠡ ᠲᠠᠨ ᠤ ᠬᠢᠨ ᠳᠤᠮᠳᠠ ᠠᠴᠠ ᠪᠠᠨ ᠪᠤᠭᠤᠯᠠᠭ᠎ᠠ ᠶᠢ᠂ ᠥᠪᠡᠷ ᠡᠴᠡ ᠪᠡᠨ ᠬᠤᠷᠤᠭᠤ ᠪᠠᠷ ᠴᠢᠴᠢᠯᠡᠬᠦ ᠬᠢᠭᠡᠳ ᠬᠣᠣᠷᠲᠤ ᠶᠠᠷᠢᠶ᠎ᠠ ᠶᠢ ᠵᠠᠢᠯᠠᠭᠤᠯᠪᠠᠯ
10 ᠥᠯᠥᠰᠥᠭᠴᠢᠳ ᠲᠤ ᠰᠡᠳᠬᠢᠯ ᠲᠠᠯᠪᠢᠵᠤ ᠵᠣᠪᠠᠭᠰᠠᠳ ᠤᠨ ᠬᠡᠷᠡᠭᠴᠡᠭᠡ ᠶᠢ ᠬᠠᠩ᠋ᠭᠠᠪᠠᠯ ᠭᠡᠷᠡᠯ ᠴᠢᠨᠢ ᠬᠠᠷᠠᠩ᠋ᠭᠤᠢ ᠳᠤ ᠮᠠᠨᠳᠤᠵᠤ ᠰᠥᠨᠢ ᠴᠢᠨᠢ ᠭᠣᠣᠯ ᠦᠳᠡ ᠮᠡᠲᠦ ᠪᠣᠯᠣᠨ᠎ᠠ᠂
11 ᠶᠣᠬᠣᠸᠠ ᠴᠢᠮᠠᠶᠢ ᠢᠮᠠᠭᠲᠠ ᠤᠳᠤᠷᠢᠳᠤᠨ ᠭᠠᠩᠳᠠᠭᠰᠠᠨ ᠭᠠᠵᠠᠷ ᠲᠤ ᠬᠡᠷᠡᠭᠴᠡᠭᠡ ᠶᠢ ᠴᠢᠨᠢ ᠬᠠᠩ᠋ᠭᠠᠵᠤ ᠶᠠᠰᠤ ᠶᠢ ᠴᠢᠨᠢ ᠪᠡᠬᠢᠵᠢᠭᠦᠯᠦᠨ᠎ᠡ ᠴᠢ ᠤᠰᠤᠯᠠᠭᠳᠠᠭᠰᠠᠨ ᠴᠡᠴᠡᠷᠯᠢᠭ ᠮᠡᠲᠦ ᠤᠰᠤ ᠨᠢ ᠰᠢᠷᠭᠢᠬᠦ ᠦᠭᠡᠢ ᠤᠨᠳᠤᠷᠤᠭ᠎ᠠ ᠮᠡᠲᠦ ᠪᠣᠯᠣᠨ᠎ᠠ᠃
12 ᠲᠠᠨ ᠤ ᠬᠢᠨ ᠡᠷᠲᠡ ᠴᠠᠭ ᠤᠨ ᠪᠠᠯᠭᠠᠰᠤ ᠨᠤᠭᠤᠳ ᠢ ᠰᠡᠷᠭᠦᠭᠡᠵᠦ ᠦᠶ᠎ᠡ ᠶᠢᠨ ᠦᠶ᠎ᠡ ᠳᠦ ᠣᠷᠬᠢᠭᠳᠠᠭᠰᠠᠨ ᠪᠠᠭᠤᠷᠢ ᠨᠤᠭᠤᠳ ᠢ ᠪᠣᠰᠬᠠᠨ᠎ᠠ ᠴᠢ᠄ 〈ᠰᠡᠲᠡᠷᠬᠡᠢ ᠶᠢ ᠵᠠᠰᠠᠪᠤᠷᠢᠯᠠᠭᠴᠢ ᠭᠤᠳᠤᠮᠵᠢ ᠶᠢ ᠰᠠᠭᠤᠭᠠᠯᠢᠴᠢᠳ ᠲᠠᠢ ᠪᠣᠯᠭᠠᠨ ᠰᠡᠷᠭᠦᠭᠡᠭᠴᠢ〉 ᠭᠡᠵᠦ ᠨᠡᠷᠡᠯᠡᠭᠳᠡᠨ᠎ᠡ᠃

13 ᠠᠮᠠᠷᠠᠯ ᠤᠨ ᠡᠳᠦᠷ ᠢ ᠵᠥᠷᠢᠴᠡᠬᠦ᠂ ᠠᠷᠢᠭᠤᠨ ᠡᠳᠦᠷ ᠳᠤᠷᠠᠲᠠᠢ ᠪᠠᠨ ᠦᠢᠯᠡᠳᠬᠦ ᠡᠴᠡ ᠬᠥᠯ ᠢᠶᠡᠨ ᠬᠣᠷᠢᠪᠠᠯ ᠠᠮᠠᠷᠠᠯ ᠤᠨ ᠡᠳᠦᠷ ᠢ ᠵᠢᠷᠭᠠᠯ᠂ ᠶᠣᠬᠣᠸᠠ ᠶᠢᠨ ᠠᠷᠢᠭᠤᠨ ᠡᠳᠦᠷ ᠢ ᠡᠷᠬᠢᠮ ᠬᠡᠮᠡᠨ ᠡᠷᠬᠢᠮᠯᠡᠵᠦ ᠥᠪᠡᠷ ᠦᠨ ᠢᠶᠠᠨ ᠵᠠᠮ ᠢᠶᠠᠷ ᠶᠠᠪᠤᠬᠤ᠂ ᠥᠪᠡᠷ ᠦᠨ ᠢᠶᠠᠨ ᠳᠤᠷᠠᠲᠠᠢ ᠶᠢ ᠬᠠᠢᠬᠤ᠂ ᠳᠡᠮᠡᠢ ᠦᠭᠡ ᠶᠠᠷᠢᠬᠤ ᠪᠠᠨ ᠪᠣᠯᠢᠪᠠᠯ
14 ᠴᠢ ᠶᠣᠬᠣᠸᠠ ᠶᠢᠨ ᠤᠯᠠᠮ ᠢᠶᠠᠷ ᠵᠢᠷᠭᠠᠬᠤ ᠪᠣᠯᠣᠨ᠎ᠠ᠂ ᠪᠢ ᠴᠢᠮᠠᠶᠢ ᠳᠡᠯᠡᠬᠡᠢ ᠶᠢᠨ ᠥᠨᠳᠥᠷᠯᠢᠭ ᠤᠳ ᠳᠡᠭᠡᠷ᠎ᠡ ᠬᠥᠯᠥᠭᠯᠡᠭᠦᠯᠦᠨ ᠡᠴᠢᠭᠡ ᠶᠠᠺᠣᠪ ᠤᠨ ᠴᠢᠨᠢ ᠥᠮᠴᠢ ᠪᠠᠷ ᠴᠢᠮᠠᠶᠢ ᠲᠡᠵᠢᠭᠡᠨ᠎ᠡ ᠶᠣᠬᠣᠸᠠ ᠶᠢᠨ ᠠᠮᠠ ᠠᠢᠯᠠᠳᠤᠯ᠎ᠠ᠃