1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠠᠷᠪᠠᠨ ᠵᠢᠷᠭᠤᠭ᠎ᠠ
1 ᠲᠠ ᠨᠠᠷ ᠡᠨᠡ ᠨᠤᠲᠤᠭ ᠤᠨ ᠵᠠᠬᠢᠷᠤᠭᠴᠢ ᠳᠤ ᠬᠤᠷᠠᠭ᠎ᠠ ᠶᠢ ᠰᠧᠯᠠ ᠠᠴᠠ ᠴᠥᠯ ᠦᠨ ᠵᠠᠮ ᠢᠶᠠᠷ ᠽᠢᠶᠣᠨ ᠥᠬᠢᠨ ᠤ ᠠᠭᠤᠯᠠ ᠤᠷᠤᠭᠤ ᠶᠠᠪᠤᠭᠤᠯ᠃
2 ᠠᠷᠨᠣᠨ ᠤ ᠭᠠᠷᠠᠮ ᠳᠡᠭᠡᠷ᠎ᠡ ᠮᠣᠶᠠᠪ ᠤᠨ ᠥᠬᠢᠳ ᠡᠭᠦᠷ ᠡᠴᠡ ᠪᠡᠨ ᠪᠤᠲᠠᠷᠠᠭᠠᠳ ᠳᠠᠷᠪᠢᠵᠤ ᠪᠠᠢᠭ᠎ᠠ ᠰᠢᠪᠠᠭᠤ ᠮᠡᠲᠦ ᠪᠣᠯᠣᠯ᠎ᠠ᠃
3 《ᠲᠠ ᠨᠠᠷ ᠵᠥᠪᠯᠡᠯᠳᠦᠵᠦ ᠰᠢᠢᠳᠦᠭᠲᠦᠨ ᠰᠡᠭᠦᠳᠡᠷ ᠢᠶᠡᠷ ᠢᠶᠠᠨ ᠵᠢᠩ ᠦᠳᠡ ᠶᠢ ᠰᠥᠨᠢ ᠮᠡᠲᠦ ᠪᠣᠯᠭᠠᠵᠤ ᠳᠦᠷᠪᠡᠭᠴᠢᠳ ᠢ ᠨᠢ ᠳᠠᠯᠳᠠᠯᠠᠭᠤᠯ᠂ ᠣᠷᠭᠣᠳᠤᠤᠯ ᠤᠳ ᠢ ᠪᠦᠦ ᠢᠯᠡᠷᠡᠭᠦᠯ᠃
4 ᠮᠣᠶᠠᠪ ᠤᠨ ᠳᠦᠷᠪᠡᠭᠴᠢᠳ ᠢ ᠥᠪᠡᠷ ᠲᠡᠢ ᠪᠡᠨ ᠬᠠᠮᠲᠤ ᠪᠠᠢᠯᠭᠠᠨ ᠲᠡᠳᠡᠨ ᠳᠦ ᠰᠦᠢᠳᠬᠡᠭᠴᠢ ᠡᠴᠡ ᠨᠢᠭᠤᠭᠳᠠᠬᠤ ᠭᠠᠵᠠᠷ ᠨᠢ ᠪᠣᠯᠣᠭᠠᠴᠢ᠃》 ᠰᠦᠷᠳᠡᠭᠦᠯᠦᠭᠴᠢ ᠰᠥᠨᠥᠵᠦ᠂ ᠰᠦᠢᠷᠡᠯ ᠵᠣᠭᠰᠣᠨ᠎ᠠ ᠳᠠᠷᠤᠯᠠᠭᠴᠢᠳ ᠭᠠᠵᠠᠷ ᠠᠴᠠ ᠠᠷᠢᠯᠤᠨ᠎ᠠ᠃
5 ᠳ᠋ᠠᠸᠢᠳ᠋ ᠤᠨ ᠴᠠᠴᠠᠷ ᠲᠤ ᠬᠠᠢᠷ᠎ᠠ ᠡᠨᠡᠷᠢᠯ ᠤᠨ ᠤᠯᠠᠮ ᠢᠶᠠᠷ ᠨᠢᠭᠡᠨ ᠰᠡᠨᠲᠢ ᠲᠣᠭᠲᠠᠨ᠎ᠠ ᠰᠢᠳᠤᠷᠭᠤ ᠶᠢ ᠳᠠᠭᠠᠨ᠂ ᠵᠥᠪ ᠢ ᠲᠦᠷᠭᠡᠨ ᠪᠡᠶᠡᠯᠡᠭᠦᠯᠳᠡᠭ ᠢᠲᠡᠭᠡᠮᠵᠢᠲᠦ ᠵᠠᠬᠢᠷᠤᠭᠴᠢ ᠲᠡᠭᠦᠨ ᠳᠡᠭᠡᠷ᠎ᠡ ᠵᠠᠯᠠᠷᠠᠨ᠎ᠠ᠃
6 ᠪᠢᠳᠡ ᠮᠣᠶᠠᠪ ᠤᠨ ᠪᠠᠷᠳᠠᠮᠨᠠᠯ ᠢ ᠰᠣᠨᠣᠰᠪᠠ ᠲᠡᠷᠡ ᠬᠡᠲᠦ ᠪᠠᠷᠳᠠᠮ ᠪᠠᠢᠵᠠᠢ ᠪᠠᠷᠳᠠᠮ ᠳᠡᠭᠡᠷᠡᠩᠭᠦᠢ᠂ ᠪᠠᠯᠠᠮᠠᠳ ᠵᠠᠩ ᠤᠨ ᠬᠢᠨᠢ ᠲᠤᠬᠠᠢ ᠪᠢᠳᠡ ᠰᠣᠨᠣᠰᠴᠤ ᠪᠠᠢᠭᠰᠠᠨ᠂ ᠬᠠᠷᠢᠨ ᠲᠡᠷᠡ ᠣᠳᠣ ᠲᠡᠢᠮᠦ ᠪᠢᠰᠢ᠂ ᠳᠡᠮᠡᠢ ᠪᠣᠯᠣᠯ᠎ᠠ᠃
7 ᠲᠡᠢᠮᠦ ᠡᠴᠡ ᠮᠣᠶᠠᠪᠴᠤᠳ ᠥᠪᠡᠷ ᠦᠨ ᠢᠶᠠᠨ ᠲᠥᠯᠥᠭᠡ ᠭᠠᠰᠢᠭᠤᠳᠠᠨ᠎ᠠ ᠮᠣᠶᠠᠪ ᠤᠨ ᠬᠥᠮᠦᠨ ᠪᠦᠷᠢ ᠭᠠᠰᠢᠭᠤᠳᠠᠨ᠎ᠠ ᠺᠢᠷ ᠬᠠᠷᠧᠰᠧᠲ ᠤᠨ ᠦᠵᠦᠮ ᠦᠨ ᠪᠣᠣᠪᠣ ᠪᠠᠢᠬᠤ ᠦᠭᠡᠢ ᠪᠣᠯᠣᠭᠰᠠᠨ ᠳᠤ ᠭᠠᠰᠢᠭᠤᠳᠠᠨ᠎ᠠ ᠪᠤᠲᠠ ᠴᠣᠬᠢᠭᠳᠠᠭᠠᠳ ᠭᠠᠰᠠᠯᠤᠨ᠎ᠠ᠃
8 ᠾᠧᠱᠪᠣᠨ ᠤ ᠲᠠᠯᠠᠪᠠᠢ᠂ ᠰᠢᠪᠮᠠ ᠶᠢᠨ ᠦᠵᠦᠮ ᠬᠠᠲᠠᠪᠠ ᠦᠵᠦᠮ ᠦᠨ ᠣᠷᠢᠶᠠᠩ᠋ᠭᠤ ᠨᠢ ᠶᠠᠽᠧᠷ ᠬᠦᠷᠴᠦ᠂ ᠴᠥᠯ ᠤᠷᠤᠭᠤ ᠵᠠᠯᠠᠯᠠᠵᠤ᠂ ᠮᠥᠴᠢᠷ ᠨᠢ ᠰᠤᠨᠵᠤ᠂ ᠳᠠᠯᠠᠢ ᠶᠢ ᠭᠡᠲᠦᠯᠦᠭᠰᠡᠨ ᠪᠠᠢᠪᠠ ᠬᠠᠷᠢᠨ ᠦᠨᠳᠦᠰᠦᠲᠡᠨ ᠨᠦᠭᠦᠳ ᠦᠨ ᠡᠵᠡᠳ ᠰᠢᠯᠢᠮᠡᠯ ᠮᠥᠴᠢᠷ ᠢ ᠨᠢ ᠴᠠᠪᠴᠢᠵᠠᠢ᠃
9 ᠲᠡᠢᠮᠦ ᠤᠴᠢᠷ ᠠᠴᠠ ᠪᠢ ᠶᠠᠽᠧᠷ ᠤᠨ ᠤᠬᠢᠯᠠᠬᠤ ᠲᠠᠢ ᠠᠳᠠᠯᠢ ᠰᠢᠪᠮᠠ ᠶᠢᠨ ᠦᠵᠦᠮ ᠦᠨ ᠲᠥᠯᠥᠭᠡ ᠤᠬᠢᠯᠠᠨ᠎ᠠ ᠾᠧᠱᠪᠣᠨ ᠡ᠂ ᠡᠯᠧᠶᠠᠯᠧ ᠡ︕ ᠪᠢ ᠨᠢᠯᠪᠤᠰᠤ ᠪᠠᠷ ᠢᠶᠠᠨ ᠴᠢᠮᠠᠶᠢ ᠨᠣᠷᠭᠠᠨ᠎ᠠ ᠵᠤᠨ ᠤ ᠵᠢᠮᠢᠰ ᠤᠨ ᠴᠢᠨᠢ ᠲᠥᠯᠥᠭᠡᠬᠢ᠂ ᠬᠤᠷᠢᠶᠠᠯᠲᠠ ᠶᠢᠨ ᠴᠢᠨᠢ ᠲᠥᠯᠥᠭᠡᠬᠢ ᠪᠠᠶᠠᠷ ᠤᠨ ᠳᠠᠭᠤ ᠵᠣᠭᠰᠣᠯ᠎ᠠ
10 ᠵᠢᠮᠢᠰ ᠤᠨ ᠲᠠᠯᠠᠪᠠᠢ ᠠᠴᠠ ᠪᠠᠶᠠᠷ ᠬᠥᠷ ᠠᠷᠢᠯᠪᠠ ᠠᠶ᠎ᠠ ᠳᠠᠭᠤᠤ ᠠᠯᠠᠭ᠎ᠠ᠂ ᠤᠤᠬᠠᠢ ᠠᠯᠠᠭ᠎ᠠ ᠦᠵᠦᠮ ᠦᠨ ᠰᠢᠬᠠᠭᠤᠷᠭ᠎ᠠ ᠶᠢ ᠭᠢᠰᠬᠢᠬᠦ ᠬᠥᠮᠦᠨ ᠴᠤ ᠠᠯᠠᠭ᠎ᠠ ᠪᠠᠶᠠᠷ ᠤᠨ ᠳᠠᠭᠤ ᠶᠢ ᠪᠢ ᠵᠣᠭᠰᠣᠭᠠᠭᠰᠠᠨ ᠶᠤᠮ᠃
11 ᠲᠡᠢᠮᠦ ᠡᠴᠡ ᠵᠢᠷᠦᠬᠡ ᠮᠢᠨᠢ ᠮᠣᠶᠠᠪ ᠤᠨ ᠲᠥᠯᠥᠭᠡ ᠳᠣᠲᠣᠷ᠎ᠠ ᠮᠢᠨᠢ ᠺᠢᠷ ᠬᠠᠷᠧᠰᠧᠲ ᠤᠨ ᠲᠥᠯᠥᠭᠡ ᠶᠠᠲᠤᠭ᠎ᠠ ᠶᠢᠨ ᠳᠠᠭᠤ ᠮᠡᠲᠦ ᠭᠠᠰᠢᠭᠤᠳᠠᠨ᠎ᠠ᠃
12 ᠮᠣᠶᠠᠪᠴᠤᠳ ᠮᠥᠷᠭᠥᠯ ᠦᠨ ᠮᠠᠨᠳᠠᠯ ᠤᠳ ᠲᠠᠭᠠᠨ ᠭᠠᠷᠤᠭᠠᠳ ᠵᠦᠳᠡᠷᠡᠭᠰᠡᠨ ᠴᠤ ᠥᠪᠡᠷᠰᠡᠳ ᠦᠨ ᠢᠶᠠᠨ ᠭᠠᠵᠠᠷ ᠲᠤ ᠣᠴᠢᠭᠠᠳ ᠳᠠᠭᠠᠳᠬᠠᠭᠰᠠᠨ ᠴᠤ ᠶᠠᠮᠠᠷ ᠴᠤ ᠨᠠᠮᠠᠷᠢ ᠦᠭᠡᠢ᠃

13 ᠮᠣᠶᠠᠪ ᠤᠨ ᠲᠠᠯ᠎ᠠ ᠪᠠᠷ ᠶᠣᠬᠣᠸᠠ ᠬᠡᠳᠦᠢᠨᠡᠢ ᠲᠡᠢᠨ ᠬᠦ ᠠᠢᠯᠠᠳᠴᠠᠢ᠂ 14 ᠣᠳᠣ ᠶᠣᠬᠣᠸᠠ᠄ 《ᠬᠥᠯᠥᠰᠥᠨ ᠦ ᠠᠵᠢᠯᠴᠢᠨ ᠵᠢᠯ ᠢᠶᠠᠨ ᠲᠣᠭᠠᠯᠠᠳᠠᠭ ᠤᠨ ᠠᠳᠠᠯᠢ ᠶᠠᠭ ᠭᠤᠷᠪᠠᠨ ᠵᠢᠯ ᠤᠨ ᠳᠣᠲᠣᠷ᠎ᠠ ᠮᠣᠶᠠᠪ ᠤᠨ ᠢᠷᠠᠭᠤ ᠠᠯᠳᠠᠷ ᠣᠯᠠᠨ ᠪᠦᠭᠦᠳᠡ ᠲᠠᠢ ᠪᠠᠨ ᠬᠠᠮᠲᠤ ᠳᠣᠷᠣᠮᠵᠢᠯᠠᠯ ᠪᠣᠯᠣᠨ᠎ᠠ᠃ ᠠᠮᠢᠳᠤ ᠦᠯᠡᠳᠡᠭᠰᠡᠳ ᠨᠢ ᠴᠥᠭᠡᠨ ᠬᠡᠳᠦᠬᠡᠨ ᠪᠥᠭᠡᠳ ᠬᠦᠴᠦ ᠦᠭᠡᠢ ᠪᠠᠢᠬᠤ ᠪᠣᠯᠣᠨ᠎ᠠ》 ᠭᠡᠵᠦ ᠠᠢᠯᠠᠳᠴᠤ ᠪᠠᠢᠨ᠎ᠠ᠃