ᠢᠰᠠᠢᠶ᠎ᠠ ᠵᠢᠷᠠᠨ ᠭᠤᠷᠪᠠ
ᠥᠰᠢᠶ᠎ᠡ ᠠᠪᠤᠯᠲᠠ᠂ ᠵᠣᠯᠢᠨ ᠠᠪᠤᠯᠲᠠ
1 ᠡᠳᠣᠮ ᠤᠨ ᠪᠣᠽᠷᠠ ᠠᠴᠠ ᠠᠢᠰᠤᠢ ᠤᠯᠠᠭᠠᠨ ᠬᠤᠪᠴᠠᠰᠤ ᠲᠠᠢ ᠨᠢᠭᠡᠨ ᠢᠷᠠᠭᠤ ᠠᠯᠳᠠᠷᠲᠤ ᠳᠡᠪᠡᠯ ᠡᠮᠦᠰᠦᠨ ᠠᠭᠤᠤ ᠬᠦᠴᠦ ᠪᠡᠷ ᠢᠶᠠᠨ ᠠᠯᠬᠤᠭᠴᠢ ᠡᠨᠡ ᠬᠡᠨ ᠪᠤᠢ︖ 《ᠵᠥᠪ ᠢ ᠠᠢᠯᠠᠳᠤᠭᠴᠢ᠂ ᠠᠪᠤᠷᠠᠬᠤ ᠬᠦᠴᠦᠲᠡᠨ ᠪᠢ ᠪᠠᠢᠨ᠎ᠠ᠃》
2 ᠲᠠᠨ ᠤ ᠳᠡᠪᠡᠯ ᠶᠠᠭᠠᠬᠢᠭᠠᠳ ᠤᠯᠠᠭᠠᠨ ᠶᠠᠭᠠᠬᠢᠭᠠᠳ ᠦᠵᠦᠮ ᠦᠨ ᠰᠢᠬᠠᠭᠤᠷᠭ᠎ᠠ ᠭᠢᠰᠬᠢᠭ᠍ᠴᠢ ᠶᠢᠨ ᠬᠤᠪᠴᠠᠰᠤ ᠮᠡᠲᠦ ᠪᠠᠢᠨ᠎ᠠ ᠪᠤᠢ︖
3 《ᠦᠵᠦᠮ ᠦᠨ ᠰᠢᠬᠠᠭᠤᠷᠭ᠎ᠠ ᠶᠢ ᠪᠢ ᠭᠠᠭᠴᠠᠭᠠᠷ ᠢᠶᠠᠨ ᠭᠢᠰᠬᠢᠪᠡ ᠦᠨᠳᠦᠰᠦᠲᠡᠨ ᠨᠦᠭᠦᠳ ᠦᠨ ᠳᠤᠮᠳᠠ ᠠᠴᠠ ᠬᠡᠨ ᠨᠢ ᠴᠤ ᠨᠠᠳᠠ ᠲᠠᠢ ᠬᠠᠮᠲᠤ ᠪᠠᠢᠭ᠎ᠠ ᠦᠭᠡᠢ᠃ ᠪᠢ ᠬᠢᠯᠢᠩ ᠲᠠᠢ ᠪᠠᠷ ᠲᠡᠳᠡᠨ ᠢ ᠭᠢᠰᠬᠢᠯᠡᠵᠦ ᠠᠭᠤᠷ ᠲᠠᠢ ᠪᠠᠷ ᠲᠡᠳᠡᠨ ᠢ ᠳᠡᠪᠰᠡᠯᠡᠬᠦ ᠳᠦ ᠰᠢᠭᠦᠰᠦ 23 ᠨᠢ ᠬᠤᠪᠴᠠᠰᠤᠨ ᠳᠡᠭᠡᠷ᠎ᠡ ᠮᠢᠨᠢ ᠦᠰᠦᠷᠴᠦ ᠳᠡᠪᠡᠯ ᠢ ᠮᠢᠨᠢ ᠪᠦᠷ ᠲᠣᠯᠪᠣᠳᠠᠭᠤᠯᠪᠠ᠃
4 ᠥᠰᠢᠶ᠎ᠡ ᠠᠪᠤᠯᠲᠠ ᠶᠢᠨ ᠡᠳᠦᠷ ᠮᠢᠨᠦ ᠵᠢᠷᠦᠬᠡᠨ ᠳᠦ ᠪᠠᠢᠨ᠎ᠠ ᠵᠣᠯᠢᠨ ᠠᠪᠬᠤ ᠵᠢᠯ ᠮᠢᠨᠢ ᠢᠷᠡᠯ᠎ᠡ᠃
5 ᠲᠤᠰᠠᠯᠠᠭᠴᠢ ᠦᠭᠡᠢ ᠪᠠᠢᠬᠤ ᠶᠢ ᠪᠢ ᠬᠠᠷᠠᠪᠠ ᠳᠡᠮᠵᠢᠭᠴᠢ ᠦᠭᠡᠢ ᠪᠠᠢᠬᠤ ᠳᠤ ᠪᠢ ᠭᠠᠢᠬᠠᠪᠠ ᠲᠡᠢᠮᠦ ᠡᠴᠡ ᠥᠪᠡᠷ ᠦᠨ ᠮᠢᠨᠢ ᠭᠠᠷ ᠮᠢᠨᠦ ᠡᠮᠦᠨ᠎ᠡ ᠡᠴᠡ ᠠᠪᠤᠷᠠᠯ ᠢ ᠭᠦᠢᠴᠡᠳᠬᠡᠵᠦ ᠥᠪᠡᠷ ᠦᠨ ᠮᠢᠨᠢ ᠠᠭᠤᠷ ᠨᠠᠮᠠᠶᠢ ᠳᠡᠮᠵᠢᠪᠡ᠃
6 ᠪᠢ ᠦᠨᠳᠦᠰᠦᠲᠡᠨ ᠨᠦᠭᠦᠳ ᠢ ᠠᠭᠤᠷ ᠢᠶᠠᠷ ᠢᠶᠠᠨ ᠲᠠᠯᠬᠢᠳᠠᠪᠠ ᠬᠢᠯᠢᠩ ᠢᠶᠠᠷ ᠢᠶᠠᠨ ᠲᠡᠳᠡᠨ ᠢ ᠰᠣᠭᠲᠣᠭᠠᠨ ᠰᠢᠭᠦᠰᠦ ᠶᠢ ᠨᠢ ᠭᠠᠵᠠᠷ ᠲᠤ ᠠᠰᠬᠠᠭᠰᠠᠨ ᠶᠤᠮ᠃》
7 ᠬᠠᠷᠢᠨ ᠪᠢ ᠶᠣᠬᠣᠸᠠ ᠶᠢᠨ ᠡᠨᠡᠷᠢᠯ ᠢ ᠳᠤᠷᠠᠳᠤᠶ᠎ᠠ ᠶᠣᠬᠣᠸᠠ ᠶᠢᠨ ᠪᠢᠳᠡᠨ ᠳᠦ ᠰᠣᠶᠣᠷᠬᠠᠭᠰᠠᠨ ᠪᠦᠬᠦᠨ ᠦ ᠶᠣᠰᠣᠭᠠᠷ ᠮᠠᠭᠲᠠᠭᠤᠰᠢᠲᠠᠢ ᠦᠢᠯᠡᠰ ᠢ ᠨᠢ ᠬᠡᠯᠡᠶ᠎ᠡ᠂ ᠥᠪᠡᠷ ᠦᠨ ᠢᠶᠠᠨ ᠥᠷᠥᠰᠢᠶᠡᠯ᠂ ᠦᠯᠡᠮᠵᠢ ᠡᠨᠡᠷᠢᠯ ᠤᠨ ᠢᠶᠠᠨ ᠳᠠᠭᠠᠤ ᠢᠰᠷᠧᠯ ᠤᠨ ᠭᠡᠷ ᠲᠦ ᠦᠵᠡᠭᠦᠯᠦᠭᠰᠡᠨ ᠦᠯᠡᠮᠵᠢ ᠰᠠᠢᠨ ᠢ ᠨᠢ ᠪᠢ ᠬᠡᠯᠡᠶ᠎ᠡ᠂
8 ᠶᠣᠬᠣᠸᠠ 《ᠲᠡᠳᠡ ᠪᠣᠯ ᠦᠨᠡᠬᠡᠷ ᠮᠢᠨᠦ ᠠᠷᠠᠳ ᠲᠦᠮᠡᠨ ᠬᠠᠭᠤᠷᠮᠠᠴᠢ ᠪᠢᠰᠢ ᠬᠡᠦᠬᠡᠳ ᠤᠳ》 ᠭᠡᠳ ᠲᠡᠳᠡᠨ ᠦ ᠠᠪᠤᠷᠠᠭᠴᠢ ᠪᠣᠯᠵᠤ
9 ᠵᠣᠪᠠᠬᠤ ᠪᠣᠯᠭᠠᠨ ᠳᠤᠨᠢ ᠵᠣᠪᠠᠵᠤ ᠥᠪᠡᠷ ᠦᠨ ᠢᠶᠠᠨ ᠡᠮᠦᠨᠡᠬᠢ ᠲᠩᠷᠢ ᠡᠯᠴᠢ ᠪᠠᠷ ᠲᠡᠳᠡᠨ ᠢ ᠠᠪᠤᠷᠠᠵᠤ ᠥᠪᠡᠷ ᠦᠨ ᠢᠶᠠᠨ ᠬᠠᠢᠷ᠎ᠠ ᠡᠨᠡᠷᠢᠯ ᠢᠶᠠᠷ ᠲᠡᠳᠡᠨ ᠢ ᠵᠣᠯᠢᠵᠤ ᠡᠷᠲᠡᠨ ᠦ ᠪᠦᠬᠦᠢᠯᠡ ᠡᠳᠦᠷ ᠤᠳ ᠲᠤ ᠲᠡᠳᠡᠨ ᠢ ᠡᠷᠭᠦᠵᠦ᠂ ᠡᠭᠦᠷᠴᠦ ᠢᠷᠡᠭᠰᠡᠨ ᠪᠢᠯᠡ᠃
10 ᠬᠠᠷᠢᠨ ᠲᠡᠳᠡ ᠲᠡᠷᠰᠯᠡᠨ ᠠᠷᠢᠭᠤᠨ ᠰᠦᠨᠡᠰᠦ ᠶᠢ ᠨᠢ ᠵᠣᠪᠠᠭᠠᠪᠠ᠂ ᠲᠡᠢᠮᠦ ᠡᠴᠡ ᠲᠡᠷᠡ ᠡᠷᠭᠢᠨ ᠲᠡᠳᠡᠨ ᠦ ᠳᠠᠢᠰᠤᠨ ᠪᠣᠯᠵᠤ ᠲᠡᠳᠡᠨ ᠲᠡᠢ ᠲᠡᠮᠡᠴᠡᠪᠡ᠃
11 ᠬᠠᠷᠢᠨ ᠲᠡᠷᠡ ᠡᠷᠲᠡᠨ ᠦ ᠡᠳᠦᠷ ᠤᠳ ᠢ ᠮᠣᠰᠧ ᠪᠣᠯᠣᠨ ᠲᠡᠭᠦᠨ ᠦ ᠠᠷᠠᠳ ᠲᠦᠮᠡᠨ ᠦ ᠦᠶ᠎ᠡ ᠶᠢ ᠰᠠᠨᠠᠭᠰᠠᠨ ᠴᠤ ᠪᠣᠯᠣᠭᠠᠰᠠᠢ᠂ ᠲᠡᠳᠡᠨ ᠢ ᠰᠦᠷᠦᠭ ᠦᠨ ᠬᠢᠨᠢ ᠬᠣᠨᠢᠴᠢᠨ ᠲᠠᠢ ᠬᠠᠮᠲᠤ ᠲᠠᠩᠭᠢᠰ ᠠᠴᠠ ᠭᠠᠷᠭᠠᠭᠰᠠᠨ ᠲᠡᠷᠡ ᠬᠠᠮᠢᠭ᠎ᠠ ᠪᠠᠢᠨ᠎ᠠ︖ ᠲᠡᠳᠡᠨ ᠦ ᠳᠤᠮᠳᠠ ᠠᠷᠢᠭᠤᠨ ᠰᠦᠨᠡᠰᠦ ᠪᠡᠨ ᠣᠷᠣᠭᠤᠯᠤᠭᠰᠠᠨ ᠲᠡᠷᠡ ᠬᠠᠮᠢᠭ᠎ᠠ ᠪᠠᠢᠨ᠎ᠠ︖
12 ᠢᠷᠠᠭᠤ ᠠᠯᠳᠠᠷᠲᠤ ᠮᠤᠲᠤᠷ ᠢᠶᠠᠷ ᠢᠶᠠᠨ ᠮᠣᠰᠧ ᠶᠢᠨ ᠪᠠᠷᠠᠭᠤᠨ ᠭᠠᠷ ᠢ ᠬᠥᠲᠥᠯᠥᠨ ᠲᠡᠳᠡᠨ ᠦ ᠡᠮᠦᠨ᠎ᠡ ᠤᠰᠤ ᠶᠢ ᠬᠤᠪᠢᠶᠠᠵᠤ ᠠᠯᠳᠠᠷ ᠨᠡᠷ᠎ᠡ ᠪᠡᠨ ᠮᠥᠩᠬᠡᠳᠡ ᠳᠠᠭᠤᠷᠢᠰᠬᠠᠭᠰᠠᠨ
13 ᠲᠡᠳᠡᠨ ᠢ ᠭᠦᠨ ᠤᠰᠤᠨ ᠳᠤᠮᠳᠠᠭᠤᠷ ᠬᠥᠲᠥᠯᠥᠭᠰᠡᠨ ᠲᠡᠷᠡ ᠬᠠᠮᠢᠭ᠎ᠠ ᠪᠠᠢᠨ᠎ᠠ︖ ᠡᠵᠡᠭᠦᠢ ᠲᠠᠯ᠎ᠠ ᠳᠡᠭᠡᠷᠡᠬᠢ ᠮᠣᠷᠢ ᠮᠡᠲᠦ ᠲᠡᠳᠡ ᠪᠦᠳᠦᠷᠢᠭᠡ ᠦᠭᠡᠢ ᠪᠠᠢᠭᠰᠠᠨ᠂
14 ᠶᠣᠬᠣᠸᠠ ᠶᠢᠨ ᠰᠦᠨᠡᠰᠦ ᠲᠡᠳᠡᠨ ᠢ ᠬᠥᠨᠳᠡᠢ ᠤᠷᠤᠭᠤ ᠪᠠᠭᠤᠬᠤ ᠮᠠᠯ ᠰᠦᠷᠦᠭ ᠮᠡᠲᠦ ᠠᠮᠠᠷᠠᠭᠠᠪᠠ᠂ ᠲᠡᠢᠨ ᠬᠦ ᠲᠠ ᠠᠷᠠᠳ ᠲᠦᠮᠡᠨ ᠢᠶᠡᠨ ᠤᠳᠤᠷᠢᠳᠴᠤ᠂ ᠠᠯᠳᠠᠷ ᠨᠡᠷ᠎ᠡ ᠪᠡᠨ ᠳᠠᠭᠤᠷᠢᠰᠬᠠᠭᠰᠠᠨ᠃
15 ᠲᠩᠷᠢ ᠡᠴᠡ ᠳᠣᠭᠣᠭᠰᠢ ᠬᠠᠷᠠᠭᠠᠴᠢ ᠠᠷᠢᠭᠤᠨ᠂ ᠵᠢᠪᠬᠤᠯᠠᠩᠲᠤ ᠣᠷᠣᠨ ᠠᠴᠠ ᠪᠠᠨ ᠦᠵᠡᠭᠡᠴᠢ ᠲᠠᠨ ᠤ ᠬᠦᠴᠦ᠂ ᠲᠠᠨ ᠤ ᠬᠠᠯᠠᠭᠤᠨ ᠰᠡᠳᠬᠢᠯ ᠬᠠᠮᠢᠭ᠎ᠠ ᠪᠠᠢᠨ᠎ᠠ ᠪᠤᠢ︖ ᠨᠠᠳᠠ ᠳᠤ ᠬᠠᠨᠳᠤᠭᠰᠠᠨ ᠥᠷᠥᠪᠳᠥᠯ ᠪᠠ ᠥᠷᠥᠰᠢᠶᠡᠯ ᠲᠠᠨᠢ ᠵᠣᠭᠰᠣᠵᠠᠢ᠃
16 ᠬᠠᠷᠢᠨ ᠲᠠ ᠯᠠ ᠪᠢᠳᠡᠨ ᠦ ᠡᠴᠢᠭᠡ ᠪᠢᠯᠡ ᠠᠪᠷᠠᠬᠠᠮ ᠪᠢᠳᠡᠨ ᠢ ᠲᠠᠨᠢᠬᠤ ᠦᠭᠡᠢ ᠢᠰᠷᠧᠯ ᠪᠢᠳᠡᠨ ᠢ ᠲᠣᠭᠣᠬᠤ ᠦᠭᠡᠢ ᠪᠠᠢᠪᠠᠴᠤ ᠲᠠ ᠯᠠ ᠪᠢᠳᠡᠨ ᠦ ᠡᠴᠢᠭᠡ᠂ ᠥᠨᠢ ᠡᠷᠲᠡᠨ ᠡᠴᠡ ᠪᠢᠳᠡᠨ ᠦ ᠠᠪᠤᠷᠠᠭᠴᠢ ᠭᠡᠭᠳᠡᠳᠡᠭ ᠪᠠᠢᠭᠰᠠᠨ᠃
17 ᠶᠣᠬᠣᠸᠠ᠂ ᠶᠠᠭᠤᠨ ᠳᠤ ᠲᠠ ᠪᠢᠳᠡᠨ ᠢ ᠵᠠᠮ ᠠᠴᠠ ᠪᠠᠨ ᠲᠥᠭᠡᠷᠢᠭᠦᠯᠦᠨ ᠪᠢᠳᠡᠨ ᠦ ᠵᠢᠷᠦᠬᠡ ᠶᠢ ᠬᠠᠲᠠᠭᠤᠷᠠᠭᠤᠯᠵᠤ ᠲᠠᠨ ᠠᠴᠠ ᠡᠮᠢᠶᠡᠯᠭᠡᠬᠦ ᠦᠭᠡᠢ ᠪᠣᠯᠭᠠᠭᠰᠠᠨ ᠶᠤᠮ ᠪᠤᠢ︖ ᠥᠪᠡᠷ ᠦᠨ ᠢᠶᠠᠨ ᠵᠠᠷᠤᠴᠠ ᠨᠠᠷ ᠤᠨ ᠲᠥᠯᠥᠭᠡ ᠥᠮᠴᠢ ᠪᠣᠯᠬᠤ ᠣᠪᠣᠭ ᠤᠨ ᠢᠶᠠᠨ ᠲᠥᠯᠥᠭᠡ ᠲᠠ ᠪᠤᠴᠠᠭᠠᠳ ᠢᠷᠡᠭᠡᠴᠢ᠃
18 ᠠᠷᠢᠭᠤᠨ ᠠᠷᠠᠳ ᠲᠦᠮᠡᠨ ᠴᠢᠨᠢ ᠠᠷᠢᠭᠤᠨ ᠭᠠᠵᠠᠷ ᠢ ᠲᠠᠨᠢ ᠲᠦᠷ ᠡᠵᠡᠮᠰᠢᠭᠡᠳ ᠪᠠᠢᠬᠤ ᠳᠤ ᠪᠢᠳᠡᠨ ᠦ ᠳᠠᠢᠰᠤᠨ ᠨᠤᠭᠤᠳ ᠲᠡᠭᠦᠨ ᠢ ᠭᠢᠰᠬᠢᠯᠡᠭᠰᠡᠨ ᠢᠶᠡᠷ
19 ᠪᠢᠳᠡ ᠥᠨᠢ ᠡᠷᠲᠡᠨ ᠡᠴᠡ ᠬᠡᠵᠢᠶ᠎ᠡ ᠴᠤ ᠲᠠᠨ ᠳᠤ ᠵᠠᠬᠢᠷᠤᠭᠳᠠᠵᠤ ᠪᠠᠢᠭ᠎ᠠ ᠦᠭᠡᠢ ᠲᠠᠨ ᠤ ᠨᠡᠷ᠎ᠡ ᠪᠡᠷ ᠨᠡᠷᠡᠯᠡᠭᠳᠡᠵᠦ ᠪᠠᠢᠭ᠎ᠠ ᠦᠭᠡᠢ ᠮᠡᠲᠦ ᠪᠣᠯᠣᠯ᠎ᠠ᠃