ᠢᠰᠠᠢᠶ᠎ᠠ ᠬᠣᠷᠢᠨ ᠵᠢᠷᠭᠤᠭ᠎ᠠ
ᠰᠢᠨ᠎ᠡ ᠬᠠᠭᠠᠨᠴᠢᠯᠠᠯ ᠤᠨ ᠮᠠᠭᠲᠠᠭᠠᠯ
1 ᠲᠡᠷᠡ ᠡᠳᠦᠷ ᠶᠦᠳᠠ ᠶᠢᠨ ᠨᠤᠲᠤᠭ ᠲᠤ ᠡᠨᠡ ᠳᠠᠭᠤᠤ ᠳᠠᠭᠤᠯᠠᠭᠳᠠᠨᠠ᠄ 《ᠪᠢᠳᠡᠨ ᠳᠦ ᠬᠦᠴᠦᠷᠬᠡᠭ ᠬᠣᠲᠠ ᠪᠠᠢᠨ᠎ᠠ ᠪᠤᠷᠬᠠᠨ ᠠᠪᠤᠷᠠᠯ ᠢ ᠲᠡᠭᠦᠨ ᠦ ᠬᠠᠨ᠎ᠠ᠂ ᠬᠡᠷᠡᠮ ᠪᠣᠯᠭᠠᠵᠠᠢ
2 ᠡᠭᠦᠳᠡ ᠬᠠᠭᠠᠯᠭ᠎ᠠ ᠪᠠᠨ ᠨᠡᠭᠡᠭᠡ ᠦᠨᠡᠨ ᠢ ᠰᠠᠬᠢᠭᠴᠢ ᠵᠥᠪᠲᠦ ᠦᠨᠳᠦᠰᠦᠲᠡᠨ ᠢ ᠣᠷᠣᠭᠤᠯ᠃
3 ᠲᠠᠨ ᠳᠤ ᠢᠲᠡᠭᠡᠯ ᠲᠡᠢ᠂ ᠲᠤᠤᠱᠲᠠᠢ ᠰᠠᠨᠠᠭ᠎ᠠ ᠲᠠᠢ ᠨᠢᠭᠡᠨ ᠢ ᠲᠠ ᠠᠮᠤᠷ ᠠᠮᠤᠭᠤᠯᠠᠩ ᠢᠶᠠᠷ ᠬᠠᠮᠠᠭᠠᠯᠠᠨ᠎ᠠ᠃
4 ᠶᠣᠬᠣᠸᠠ᠂ ᠶᠣᠬᠣᠸᠠ ᠪᠣᠯ ᠮᠥᠩᠬᠡ ᠶᠢᠨ ᠬᠠᠳᠠ ᠶᠣᠬᠣᠸᠠ ᠳᠤ ᠡᠭᠦᠷᠢᠳᠡ ᠢᠲᠡᠭᠡᠭᠲᠦᠨ
5 ᠥᠨᠳᠥᠷ ᠲᠦ ᠪᠠᠢᠷᠢᠯᠠᠭᠴᠢᠳ ᠢ ᠲᠡᠷᠡ ᠪᠠᠭᠤᠯᠭᠠᠨ᠎ᠠ ᠡᠷᠭᠦᠮᠵᠢᠯᠡᠭᠳᠡᠭᠰᠡᠨ ᠬᠣᠲᠠ ᠶᠢ ᠲᠡᠷᠡ ᠨᠤᠷᠠᠭᠠᠵᠤ ᠭᠠᠵᠠᠷ ᠤᠨ ᠬᠥᠷᠥᠰᠥᠨ ᠳᠤ ᠤᠨᠠᠭᠠᠨ᠎ᠠ
6 ᠬᠥᠯ ᠦᠨ ᠳᠣᠣᠷ᠎ᠠ ᠲᠡᠭᠦᠨ ᠢ ᠭᠢᠰᠬᠢᠭᠦᠯᠦᠨᠡ ᠳᠠᠷᠤᠯᠠᠭᠳᠠᠭᠰᠠᠳ ᠤᠨ ᠬᠥᠯ᠂ ᠶᠠᠳᠠᠭᠤᠰ ᠤᠨ ᠠᠯᠬᠤᠭ᠎ᠠ ᠪᠠᠷ ᠲᠠᠯᠬᠢᠳᠠᠭᠤᠯᠤᠨᠠ᠃》
7 ᠵᠥᠪᠲᠡᠨ ᠦ ᠵᠠᠮ ᠰᠢᠯᠤᠭᠤᠨ ᠵᠥᠪᠲᠡᠨ ᠦ ᠵᠠᠮ ᠢ ᠴᠢᠭ᠍ᠴᠢ ᠲᠠ ᠲᠡᠭᠰᠢᠯᠡᠨ᠎ᠡ᠃
8 ᠶᠣᠬᠣᠸᠠ᠂ ᠲᠠᠨ ᠤ ᠰᠢᠭᠦᠯᠲᠡ ᠶᠢᠨ ᠵᠠᠮ ᠳᠡᠭᠡᠷ᠎ᠡ ᠪᠢᠳᠡ ᠲᠠᠨ ᠳᠤ ᠨᠠᠢᠳᠠᠨ᠎ᠠ ᠲᠠᠨ ᠤ ᠨᠡᠷ᠎ᠡ᠂ ᠲᠠᠨ ᠤ ᠳᠤᠷᠠᠰᠤᠮᠵᠢ ᠪᠣᠯ ᠪᠢᠳᠡᠨ ᠦ ᠰᠡᠳᠬᠢᠯ ᠤᠨ ᠲᠡᠮᠡᠦᠯᠦᠯ ᠶᠤᠮ᠃
9 ᠰᠡᠳᠬᠢᠯ ᠮᠢᠨᠢ ᠰᠥᠨᠢ ᠪᠠᠷ ᠲᠠᠨ ᠤᠷᠤᠭᠤ ᠲᠡᠮᠡᠦᠯᠦᠨ ᠰᠦᠨᠡᠰᠦ ᠮᠢᠨᠢ ᠦᠷ ᠢᠶᠡᠷ ᠲᠠᠨ ᠢ ᠡᠷᠢᠯᠬᠢᠯᠡᠨ᠎ᠡ ᠤᠴᠢᠷ ᠨᠢ ᠲᠠᠨ ᠤ ᠰᠢᠭᠦᠯᠲᠡ ᠭᠠᠵᠠᠷ ᠳᠡᠭᠡᠷ᠎ᠡ ᠢᠷᠡᠬᠦ ᠳᠦ ᠳᠡᠯᠡᠬᠡᠢ ᠶᠢᠨ ᠰᠠᠭᠤᠭᠠᠯᠢᠴᠢᠳ ᠵᠥᠪ ᠢ ᠰᠤᠷᠤᠨ᠎ᠠ᠃
10 ᠪᠤᠷᠤᠭᠤᠲᠠᠨ ᠨᠢ ᠡᠨᠡᠷᠢᠭᠳᠡᠭᠰᠡᠨ ᠴᠤ ᠵᠥᠪ ᠢ ᠦᠯᠦ ᠰᠤᠷᠤᠨ᠎ᠠ ᠰᠢᠯᠤᠭᠤᠨ ᠭᠠᠵᠠᠷ ᠲᠤ ᠴᠤ ᠶᠣᠬᠣᠸᠠ ᠶᠢᠨ ᠴᠣᠭ ᠵᠢᠪᠬᠤᠯᠠᠩ ᠢ ᠬᠠᠷᠠᠯ ᠦᠭᠡᠢ ᠭᠠᠵᠢᠨᠠ᠃
11 ᠶᠣᠬᠣᠸᠠ᠂ ᠲᠠ ᠨᠢᠳᠤᠷᠭ᠎ᠠ ᠪᠠᠨ ᠳᠠᠯᠠᠢᠭᠰᠠᠨ ᠠᠲᠠᠯ᠎ᠠ ᠲᠡᠳᠡ ᠦᠯᠦ ᠬᠠᠷᠠᠨ᠎ᠠ ᠭᠡᠪᠡᠴᠦ ᠲᠡᠳᠡ ᠠᠷᠠᠳ ᠲᠦᠮᠡᠨ ᠦ ᠪᠠᠨ ᠲᠥᠯᠥᠭᠡᠬᠢ ᠬᠠᠯᠠᠭᠤᠨ ᠰᠡᠳᠬᠢᠯ ᠢ ᠲᠠᠨᠢ ᠬᠠᠷᠠᠭᠠᠳ ᠢᠴᠢᠬᠦ ᠪᠣᠯᠣᠨ᠎ᠠ ᠦᠨᠡᠬᠡᠷ ᠭᠠᠯ ᠳᠠᠢᠰᠤᠨ ᠨᠤᠭᠤᠳ ᠢ ᠲᠠᠨᠢ ᠵᠠᠯᠭᠢᠭᠠᠰᠠᠢ︕
12 ᠬᠠᠷᠢᠨ ᠶᠣᠬᠣᠸᠠ᠂ ᠲᠠ ᠪᠢᠳᠡᠨ ᠦ ᠲᠥᠯᠥᠭᠡ ᠡᠩᠬᠡ ᠶᠢ ᠲᠣᠭᠲᠠᠭᠠᠨ᠎ᠠ ᠦᠨᠡᠨ ᠳᠡᠭᠡᠨ ᠪᠢᠳᠡᠨ ᠦ ᠲᠥᠯᠥᠭᠡ ᠪᠦᠬᠦᠢᠯᠡ ᠠᠵᠢᠯ ᠢ ᠲᠠ ᠬᠢᠭᠰᠡᠨ ᠶᠤᠮ᠃
13 ᠪᠢᠳᠡᠨ ᠦ ᠪᠤᠷᠬᠠᠨ ᠶᠣᠬᠣᠸᠠ᠂ ᠲᠠᠨ ᠠᠴᠠ ᠥᠭᠡᠷ᠎ᠡ ᠡᠵᠡᠳ ᠪᠢᠳᠡᠨ ᠢ ᠨᠣᠶᠠᠷᠬᠠᠭᠰᠠᠨ ᠪᠣᠯᠪᠠᠴᠤ ᠪᠢᠳᠡ ᠵᠥᠪᠬᠡᠨ ᠲᠠᠨ ᠤ ᠨᠡᠷ᠎ᠡ ᠶᠢ ᠰᠠᠨᠠᠵᠤ ᠶᠠᠪᠤᠳᠠᠭ᠃
14 ᠲᠡᠳᠡ ᠦᠬᠦᠭᠰᠡᠨ᠂ ᠠᠮᠢᠳᠤᠷᠠᠬᠤ ᠦᠭᠡᠢ ᠲᠡᠳᠡ ᠮᠥᠬᠥᠭᠰᠡᠨ᠂ ᠪᠣᠰᠬᠤ ᠦᠭᠡᠢ ᠲᠠ ᠲᠡᠳᠡᠨ ᠤᠷᠤᠭᠤ ᠡᠷᠭᠢᠨ᠂ ᠲᠡᠳᠡᠨ ᠢ ᠤᠰᠠᠳᠬᠠᠵᠤ ᠲᠡᠳᠡᠨ ᠦ ᠳᠤᠷᠠᠰᠤᠮᠵᠢ ᠶᠢ ᠪᠦᠷᠢᠮᠦᠰᠦᠨ ᠠᠷᠢᠯᠭᠠᠭᠰᠠᠨ᠃
15 ᠶᠣᠬᠣᠸᠠ ᠲᠠ ᠡᠨᠡ ᠦᠨᠳᠦᠰᠦᠲᠡᠨ ᠢ ᠠᠷᠪᠢᠵᠢᠭᠤᠯᠤᠭᠰᠠᠨ ᠲᠠ ᠡᠨᠡ ᠦᠨᠳᠦᠰᠦᠲᠡᠨ ᠢ ᠠᠷᠪᠢᠵᠢᠭᠤᠯᠤᠭᠰᠠᠨ ᠶᠤᠮ ᠲᠠ ᠠᠯᠳᠠᠷᠰᠢᠪᠠ ᠲᠠ ᠡᠨᠡ ᠨᠤᠲᠤᠭ ᠤᠨ ᠪᠦᠬᠦ ᠬᠢᠵᠠᠭᠠᠷ ᠢ ᠳᠡᠯᠡᠭᠰᠡᠨ᠃
16 ᠶᠣᠬᠣᠸᠠ ᠮᠢᠨᠢ᠂ ᠲᠡᠳᠡ ᠰᠢᠨᠠᠯᠬᠤ ᠳᠠᠭᠠᠨ ᠲᠠᠨ ᠤᠷᠤᠭᠤ ᠡᠷᠭᠢᠭᠰᠡᠨ ᠲᠠᠨ ᠤ ᠭᠡᠰᠬᠡᠯᠲᠡ ᠢᠷᠡᠬᠦ ᠳᠦ᠂ ᠲᠡᠳᠡ ᠳᠠᠭᠠᠳᠬᠠᠯ ᠢ ᠠᠰᠬᠠᠪᠠ᠂
17 ᠵᠢᠷᠮᠦᠰᠦᠨ ᠡᠮᠡᠭᠲᠡᠢ ᠨᠢᠷᠠᠢᠯᠠᠬᠤ ᠳᠠᠭᠠᠨ ᠵᠣᠪᠠᠵᠤ ᠳᠤᠩᠰᠢᠨ ᠡᠪᠡᠳᠦᠭᠡᠳ ᠣᠷᠢᠯᠠᠳᠠᠭ ᠰᠢᠭ᠋ ᠪᠢᠳᠡ ᠴᠤ ᠲᠠᠨ ᠤ ᠡᠮᠦᠨ᠎ᠡ ᠡᠢᠮᠦ ᠪᠠᠢᠭᠰᠠᠨ᠂ ᠶᠣᠬᠣᠸᠠ ᠡ
18 ᠪᠢᠳᠡ ᠵᠢᠷᠮᠦᠰᠦᠯᠡᠨ᠂ ᠡᠪᠡᠳᠦᠭᠰᠡᠨ ᠪᠣᠯᠪᠠᠴᠤ ᠰᠠᠯᠬᠢ ᠶᠢ ᠲᠥᠷᠥᠭᠦᠯᠦᠭᠰᠡᠨ ᠪᠢᠳᠡ ᠭᠠᠵᠠᠷ ᠳᠡᠭᠡᠷ᠎ᠡ ᠠᠪᠤᠷᠠᠯ ᠤᠨ ᠦᠢᠯᠡ ᠶᠢ ᠬᠢᠭᠡ ᠦᠭᠡᠢ ᠶᠢᠷᠲᠢᠨᠴᠦ ᠶᠢᠨ ᠰᠠᠭᠤᠭᠠᠯᠢᠴᠢᠳ ᠢ ᠴᠤ ᠭᠠᠷᠭᠠᠭ᠎ᠠ ᠦᠭᠡᠢ᠃
19 ᠬᠠᠷᠢᠨ ᠲᠠᠨ ᠤ ᠦᠬᠦᠭᠰᠡᠳ ᠠᠮᠢᠯᠠᠨ᠎ᠠ᠂ ᠴᠣᠭᠴᠠᠰ ᠨᠢ ᠪᠣᠰᠣᠨ᠎ᠠ ᠰᠢᠷᠣᠢ ᠳᠤ ᠣᠷᠣᠭᠰᠠᠳ ᠡ᠂ ᠪᠣᠰᠣᠭᠠᠳ ᠪᠠᠶᠠᠷ ᠲᠠᠢ ᠪᠠᠷ ᠳᠠᠭᠤᠯᠠᠭᠲᠤᠨ᠂ ᠲᠠᠨ ᠤ ᠰᠢᠭᠦᠳᠡᠷᠢ ᠪᠣᠯ ᠭᠡᠷᠡᠯ ᠦᠨ ᠰᠢᠭᠦᠳᠡᠷᠢ᠂ ᠭᠠᠵᠠᠷ ᠨᠢ ᠦᠬᠦᠭᠰᠡᠳ ᠢ ᠭᠠᠷᠭᠠᠨ᠎ᠠ᠃
20 ᠢᠷᠡᠵᠡᠭᠡ᠂ ᠠᠷᠠᠳ ᠲᠦᠮᠡᠨ ᠮᠢᠨᠢ ᠥᠷᠥᠭᠡᠨ ᠳᠡᠭᠡᠨ ᠣᠷᠣᠭᠠᠳ ᠬᠠᠭᠠᠯᠭ᠎ᠠ ᠪᠠᠨ ᠬᠠᠭᠠᠵᠤ ᠠᠭᠤᠷ ᠬᠢᠯᠢᠩ ᠥᠩᠭᠡᠷᠡᠲᠡᠯ᠎ᠡ ᠲᠦᠷ ᠵᠠᠭᠤᠷ᠎ᠠ ᠨᠢᠭᠤᠭᠳᠠᠭᠲᠤᠨ᠃
21 ᠬᠠᠷ᠎ᠠ᠂ ᠶᠣᠬᠣᠸᠠ ᠪᠠᠢᠷᠢ ᠡᠴᠡ ᠪᠡᠨ ᠭᠠᠷᠴᠤ ᠭᠠᠵᠠᠷ ᠤᠨ ᠰᠠᠭᠤᠭᠠᠯᠢᠴᠢᠳ ᠢ ᠨᠢᠭᠦᠯ ᠦᠨ ᠬᠢᠨᠢ ᠤᠯᠠᠮ ᠢᠶᠠᠷ ᠰᠢᠳᠬᠡᠨ᠎ᠡ ᠭᠠᠵᠠᠷ ᠠᠯᠠᠭᠳᠠᠭᠰᠠᠳ ᠢᠶᠠᠨ ᠳᠠᠯᠳᠠᠯᠠᠬᠤ ᠪᠠᠨ ᠪᠣᠯᠢᠵᠤ ᠴᠢᠰᠤ ᠶᠢ ᠨᠢ ᠢᠯᠡᠷᠡᠭᠦᠯᠦᠨ᠎ᠡ᠃