ᠢᠰᠠᠢᠶ᠎ᠠ ᠠᠷᠪᠠ
1 ᠭᠠᠰᠠᠯᠠᠩᠲᠠᠶ᠎ᠠ᠂ ᠰᠢᠳᠤᠷᠭᠤ ᠪᠤᠰᠤ ᠲᠣᠭᠲᠠᠭᠠᠯ ᠢ ᠲᠣᠭᠲᠠᠭᠠᠵᠤ ᠵᠥᠪ ᠪᠤᠰᠤ ᠲᠤᠰᠢᠶᠠᠯ ᠢ ᠲᠤᠰᠢᠶᠠᠭᠴᠢᠳ ᠡ᠂
2 ᠲᠡᠳᠡ ᠶᠠᠳᠠᠭᠤᠰ ᠢ ᠰᠢᠳᠤᠷᠭᠤ ᠰᠢᠭᠦᠯᠲᠡ ᠡᠴᠡ ᠬᠣᠯᠠᠳᠠᠭᠤᠯᠵᠤ ᠠᠷᠠᠳ ᠲᠦᠮᠡᠨ ᠦ ᠮᠢᠨᠢ ᠦᠭᠡᠶᠢᠭᠦᠴᠦᠳ ᠦᠨ ᠡᠷᠬᠡ ᠶᠢ ᠪᠤᠯᠢᠶᠠᠳᠠᠭ ᠲᠡᠳᠡ ᠪᠡᠯᠪᠡᠰᠦᠨ ᠢ ᠲᠣᠨᠣᠵᠤ᠂ ᠥᠨᠥᠴᠢᠨ ᠢ ᠳᠡᠭᠡᠷᠡᠮᠳᠡᠳᠡᠭ᠌᠃
3 ᠰᠢᠳᠬᠡᠯ ᠪᠠᠭᠤᠬᠤ ᠳᠤ᠂ ᠰᠦᠢᠷᠡᠯ ᠬᠣᠯᠠ ᠠᠴᠠ ᠢᠷᠡᠬᠦ ᠳᠦ ᠲᠠ ᠨᠠᠷ ᠶᠠᠭᠠᠬᠢᠬᠤ ᠪᠣᠯ︖ ᠡᠳ᠋ ᠪᠠᠶᠠᠯᠢᠭ ᠢᠶᠠᠨ ᠬᠠᠮᠢᠭ᠎ᠠ ᠣᠷᠬᠢᠵᠤ᠂ ᠲᠤᠰᠠᠯᠠᠭᠤᠯᠬᠤ ᠪᠠᠷ ᠬᠡᠨ ᠤᠷᠤᠭᠤ ᠵᠢᠭᠤᠲᠠᠬᠤ ᠪᠣᠯ︖
4 ᠣᠯᠵᠠᠯᠠᠭᠳᠠᠭᠰᠠᠳ ᠤᠨ ᠳᠤᠮᠳᠠ ᠪᠥᠬᠥᠢᠨ ᠠᠯᠠᠭᠳᠠᠭᠰᠠᠳ ᠤᠨ ᠳᠤᠮᠳᠠ ᠤᠨᠠᠬᠤ ᠠᠴᠠ ᠥᠭᠡᠷ᠎ᠡ ᠵᠠᠮ ᠦᠭᠡᠢ ᠪᠣᠯᠣᠨ᠎ᠠ ᠡᠨᠡ ᠪᠦᠬᠦᠨ ᠢᠶᠡᠷ ᠴᠤ ᠶᠣᠬᠣᠸᠠ ᠶᠢᠨ ᠠᠭᠤᠷ ᠨᠠᠮᠳᠠᠭ᠎ᠠ ᠦᠭᠡᠢ ᠨᠢᠳᠤᠷᠭ᠎ᠠ ᠨᠢ ᠳᠠᠯᠠᠢᠭᠰᠠᠨ ᠬᠡᠪ ᠢᠶᠡᠷ ᠢᠶᠠᠨ ᠪᠠᠢᠨ᠎ᠠ᠃
ᠠᠰᠢᠷᠢᠶ᠎ᠠ ᠰᠢᠳᠬᠡᠭᠳᠡᠨ᠎ᠡ
5 ᠮᠢᠨᠦ ᠬᠢᠯᠢᠩ ᠤᠨ ᠲᠠᠶᠠᠭ ᠪᠣᠯᠬᠤ ᠠᠰᠢᠷᠢᠶ᠎ᠠ ᠭᠠᠰᠠᠯᠠᠩᠲᠠᠶ᠎ᠠ︕ ᠮᠢᠨᠦ ᠵᠢᠪᠡᠭᠦᠴᠡᠯ ᠦᠨ ᠰᠢᠳᠠᠮ ᠲᠡᠭᠦᠨ ᠦ ᠭᠠᠷ ᠲᠤ ᠪᠤᠢ᠂
6 ᠪᠢ ᠲᠡᠭᠦᠨ ᠢ ᠰᠦᠰᠦᠭ ᠦᠭᠡᠢ ᠦᠨᠳᠦᠰᠦᠲᠡᠨ ᠤᠷᠤᠭᠤ ᠬᠢᠯᠢᠩ ᠢ ᠮᠢᠨᠢ ᠬᠥᠳᠡᠯᠭᠡᠭᠰᠡᠨ ᠠᠷᠠᠳ ᠲᠦᠮᠡᠨ ᠤᠷᠤᠭᠤ ᠶᠠᠪᠤᠭᠤᠯᠵᠤ ᠣᠯᠵᠠ ᠣᠯᠣᠭᠤᠯᠵᠤ᠂ ᠲᠣᠨᠣᠭᠤᠯ ᠬᠢᠯᠭᠡᠨ ᠲᠡᠳᠡᠨ ᠢ ᠪᠦᠭᠦᠳᠡ ᠶᠢ ᠨᠢ ᠭᠤᠳᠤᠮᠵᠢᠨ ᠤ ᠱᠠᠯᠪᠠᠭ ᠮᠡᠲᠦ ᠭᠢᠰᠬᠢᠭᠦᠯᠬᠦ ᠭᠡᠰᠡᠨ᠂
7 ᠬᠠᠷᠢᠨ ᠲᠡᠭᠦᠨ ᠦ ᠰᠠᠨᠠᠭ᠎ᠠ ᠲᠡᠢᠮᠦ ᠪᠢᠰᠢ ᠲᠡᠭᠦᠨ ᠦ ᠰᠡᠳᠬᠢᠯ ᠲᠡᠢᠮᠦ ᠪᠢᠰᠢ ᠣᠯᠠᠨ ᠦᠨᠳᠦᠰᠦᠲᠡᠨ ᠢ ᠠᠷᠢᠯᠭᠠᠨ ᠤᠰᠠᠳᠬᠠᠬᠤ ᠨᠢ ᠲᠡᠭᠦᠨ ᠦ ᠵᠣᠷᠢᠯᠭ᠎ᠠ ᠶᠤᠮ᠃
8 ᠲᠡᠷᠡ᠄ 《ᠨᠣᠶᠠᠳ ᠮᠢᠨᠢ ᠪᠦᠭᠦᠳᠡᠭᠡᠷ ᠬᠠᠭᠠᠨ ᠪᠢᠰᠢ ᠤᠤ︖
9 ᠺᠠᠯᠨᠣ᠋ ᠨᠢ ᠺᠠᠷᠾᠧᠮᠢᠱ ᠰᠢᠭ᠋ ᠬᠠᠮᠠᠲ ᠨᠢ ᠠᠷᠫᠠᠳ᠋ ᠰᠢᠭ᠋ ᠰᠠᠮᠠᠷᠢᠶ᠎ᠠ ᠨᠢ ᠳ᠋ᠠᠮᠠᠰᠺᠦ᠋ᠰ ᠰᠢᠭ᠋ ᠪᠣᠯᠣᠭᠰᠠᠨ ᠪᠢᠰᠢ ᠤᠤ︖
10 ᠪᠢ ᠪᠤᠷᠬᠠᠳ ᠲᠠᠢ ᠬᠠᠭᠠᠨᠴᠢᠯᠠᠯ ᠤᠳ ᠢ ᠰᠢᠲᠦᠭᠡᠨ ᠨᠦᠭᠦᠳ ᠢᠶᠡᠷ ᠢᠶᠠᠨ ᠶᠧᠷᠦ᠋ᠰᠠᠯᠧᠮ ᠪᠣᠯᠣᠨ ᠰᠠᠮᠠᠷᠢᠶ᠎ᠠ ᠠᠴᠠ ᠳᠠᠪᠠᠭᠰᠠᠨ ᠬᠠᠭᠠᠨᠴᠢᠯᠠᠯ ᠤᠳ ᠢ ᠬᠡᠳᠦᠢᠨ ᠭᠠᠷ ᠲᠠᠭᠠᠨ ᠣᠷᠣᠭᠤᠯᠤᠭᠰᠠᠨ ᠶᠤᠮ᠂
11 ᠪᠢ ᠰᠠᠮᠠᠷᠢᠶ᠎ᠠ ᠪᠣᠯᠣᠨ ᠪᠤᠷᠬᠠᠳ ᠲᠤᠨᠢ ᠦᠢᠯᠡᠳᠦᠭᠰᠡᠨ ᠦ ᠠᠳᠠᠯᠢ ᠶᠧᠷᠦ᠋ᠰᠠᠯᠧᠮ ᠪᠣᠯᠣᠨ ᠬᠥᠷᠥᠭ ᠤᠳ ᠲᠤ ᠦᠢᠯᠡᠳᠬᠦ ᠦᠭᠡᠢ ᠭᠡᠵᠢ ᠤᠤ︖》 ᠭᠡᠨ᠎ᠡ᠃
12 ᠲᠡᠢᠮᠦ ᠡᠴᠡ ᠡᠵᠡᠨ ᠽᠢᠶᠣᠨ ᠠᠭᠤᠯᠠ ᠪᠣᠯᠣᠨ ᠶᠧᠷᠦ᠋ᠰᠠᠯᠧᠮ ᠳᠤ ᠪᠦᠬᠦ ᠠᠵᠢᠯ ᠢᠶᠠᠨ ᠳᠠᠭᠤᠰᠬᠠᠪᠠᠯ ᠠᠰᠢᠷᠢᠶ᠎ᠠ ᠶᠢᠨ ᠬᠠᠭᠠᠨ ᠤ ᠪᠠᠷᠳᠠᠮ ᠦᠢᠯᠡ ᠪᠠ ᠳᠡᠭᠡᠷᠡᠩᠭᠦᠢ ᠬᠠᠷᠠᠴᠠ ᠶᠢ ᠰᠢᠳᠬᠡᠨ᠎ᠡ᠃
13 ᠤᠴᠢᠷ ᠨᠢ ᠲᠡᠷᠡ᠄ 《ᠪᠢ ᠭᠠᠷ ᠤᠨ ᠢᠶᠠᠨ ᠬᠦᠴᠦ ᠪᠡᠷ᠂ ᠮᠡᠷᠭᠡᠨ ᠤᠬᠠᠭᠠᠨ ᠢᠶᠠᠷ ᠢᠶᠠᠨ ᠲᠡᠢᠨ ᠬᠦ ᠦᠢᠯᠡᠳᠦᠭᠰᠡᠨ ᠪᠢ ᠤᠬᠠᠭᠠᠨ ᠲᠠᠢ ᠪᠢ ᠦᠨᠳᠦᠰᠦᠲᠡᠨ ᠨᠦᠭᠦᠳ ᠦᠨ ᠬᠢᠯᠢ ᠬᠢᠵᠠᠭᠠᠷ ᠢ ᠪᠠᠯᠠᠯᠤᠨ ᠡᠳ᠋ ᠪᠠᠶᠠᠯᠢᠭ ᠢ ᠨᠢ ᠪᠤᠯᠢᠶᠠᠵᠤ ᠬᠦᠴᠦᠲᠡᠨ ᠪᠣᠯᠵᠤ ᠰᠠᠭᠤᠭᠠᠯᠢᠴᠢᠳ ᠢ ᠨᠢ ᠪᠥᠬᠥᠢᠯᠭᠡᠪᠡ᠃
14 ᠭᠠᠷ ᠮᠢᠨᠢ ᠰᠢᠪᠠᠭᠤᠨ ᠤ ᠡᠭᠦᠷ ᠲᠦ ᠬᠦᠷᠬᠦ ᠮᠡᠲᠦ ᠦᠨᠳᠦᠰᠦᠲᠡᠨ ᠨᠦᠭᠦᠳ ᠦᠨ ᠡᠳ᠋ ᠪᠠᠶᠠᠯᠢᠭ ᠲᠤ ᠬᠦᠷᠪᠡ ᠪᠢ ᠬᠠᠶᠠᠭᠳᠠᠭᠰᠠᠨ ᠥᠨᠳᠡᠭᠡ ᠶᠢ ᠬᠤᠷᠢᠶᠠᠬᠤ ᠮᠡᠲᠦ ᠬᠠᠮᠤᠭ ᠦᠨᠳᠦᠰᠦᠲᠡᠨ ᠢ ᠬᠤᠷᠢᠶᠠᠪᠠ ᠵᠢᠭᠦᠷ ᠢᠶᠡᠨ ᠳᠡᠪᠢᠭᠰᠡᠨ ᠪᠤᠶᠤ ᠬᠣᠰᠢᠭᠤ ᠪᠠᠨ ᠨᠡᠭᠡᠭᠡᠵᠦ ᠵᠢᠷᠭᠢᠭᠰᠡᠨ ᠨᠢ ᠠᠯᠠᠭ᠎ᠠ》 ᠭᠡᠪᠡ᠃
15 ᠰᠦᠬᠡ ᠨᠢ ᠴᠠᠪᠴᠢᠭᠴᠢ ᠳᠠᠭᠠᠨ ᠰᠠᠢᠷᠬᠠᠬᠤ ᠤᠤ︖ ᠬᠢᠷᠥᠭᠡ ᠨᠢ ᠬᠢᠷᠥᠭᠡᠳᠡᠭᠴᠢ ᠳᠡᠭᠡᠨ ᠣᠩᠭᠢᠷᠠᠬᠤ ᠤᠤ︖ ᠰᠠᠪᠠᠭ᠎ᠠ ᠨᠢ ᠳᠠᠯᠠᠢᠭᠴᠢ ᠤᠷᠤᠭᠤ ᠪᠠᠨ ᠳᠠᠯᠠᠢᠬᠤ ᠮᠡᠲᠦ ᠰᠢᠯᠪᠢᠭᠦᠷ ᠨᠢ ᠥᠪᠡᠷ ᠢᠶᠡᠨ ᠮᠣᠳᠣ ᠪᠢᠰᠢ ᠰᠢᠭ ᠡᠵᠡᠨ ᠢᠶᠡᠨ ᠡᠷᠭᠢᠯᠳᠦᠭᠦᠯᠬᠦ ᠮᠡᠲᠦ᠂
16 ᠲᠡᠢᠮᠦ ᠡᠴᠡ ᠠᠤᠭ᠎ᠠ ᠬᠦᠴᠦᠲᠦ ᠡᠵᠡᠨ ᠶᠣᠬᠣᠸᠠ ᠲᠠᠷᠭᠤᠨ ᠤᠷᠤᠭᠤ ᠨᠢ ᠲᠤᠷᠠᠭᠠᠭᠤᠯᠢ ᠶᠠᠪᠤᠭᠤᠯᠤᠨ᠎ᠠ ᠴᠣᠭ ᠵᠢᠪᠬᠤᠭ᠎ᠠ ᠶᠢᠨ ᠬᠢᠨᠢ ᠳᠣᠣᠷ᠎ᠠ ᠳᠦᠷᠡᠯᠵᠡᠬᠦ ᠭᠠᠯ ᠢ ᠨᠣᠴᠣᠭᠠᠨ᠎ᠠ᠃
17 ᠢᠰᠷᠧᠯ ᠤᠨ ᠭᠡᠷᠡᠯ ᠨᠢ ᠭᠠᠯ ᠠᠷᠢᠭᠤᠨ ᠨᠢᠭᠡᠨ ᠨᠢ ᠳᠥᠯᠥ ᠪᠣᠯᠵᠤ ᠦᠭᠦᠷᠭᠡᠨ᠎ᠡ ᠪᠠ ᠬᠠᠯᠠᠭᠠᠢ ᠶᠢ ᠨᠢ ᠭᠠᠭᠴᠠᠬᠠᠨ ᠡᠳᠦᠷ ᠲᠦ ᠰᠢᠲᠠᠭᠠᠨ᠎ᠠ
18 ᠰᠢᠭᠢᠭᠦᠦ ᠣᠢ᠂ ᠰᠢᠮ᠎ᠡ ᠲᠠᠢ ᠲᠠᠯᠠᠪᠠᠢ ᠨᠤᠭᠤᠳ ᠨᠢ ᠪᠦᠷᠢᠮᠦᠰᠦᠨ ᠰᠥᠨᠥᠨ᠎ᠡ ᠳᠣᠷᠣᠢ ᠬᠥᠮᠦᠨ ᠳᠣᠷᠣᠢᠲᠠᠬᠤ ᠶᠢᠨ ᠠᠳᠠᠯᠢ ᠪᠣᠯᠣᠨ᠎ᠠ
19 ᠣᠢ ᠶᠢᠨ ᠬᠢᠨᠢ ᠮᠣᠳᠣ ᠬᠡᠦᠬᠡᠳ ᠲᠣᠭᠠᠯᠠᠮᠠᠷ ᠴᠥᠭᠡᠨ ᠦᠯᠡᠳᠡᠨ᠎ᠡ᠃
ᠦᠯᠡᠳᠡᠭᠰᠡᠳ ᠠᠪᠤᠷᠠᠭᠳᠠᠨ᠎ᠠ
20 ᠲᠡᠷᠡ ᠡᠳᠦᠷ ᠢᠰᠷᠧᠯ ᠤᠨ ᠦᠯᠡᠳᠡᠭᠰᠡᠳ᠂ ᠶᠠᠺᠣᠪ ᠤᠨ ᠭᠡᠷ ᠦᠨ ᠬᠢᠨ ᠤ ᠠᠮᠢᠳᠤ ᠦᠯᠡᠳᠡᠭᠰᠡᠳ ᠥᠪᠡᠷᠰᠡᠳ ᠢ ᠨᠢ ᠴᠣᠬᠢᠭᠰᠠᠨ ᠨᠢᠭᠡᠨ ᠳᠦ ᠨᠠᠢᠳᠠᠬᠤ ᠪᠠᠨ ᠪᠣᠯᠢᠵᠤ ᠢᠰᠷᠧᠯ ᠤᠨ ᠠᠷᠢᠭᠤᠨ ᠨᠢᠭᠡᠨ ᠪᠣᠯᠬᠤ ᠶᠣᠬᠣᠸᠠ ᠳᠤ ᠦᠨᠡᠬᠡᠷ ᠨᠠᠢᠳᠠᠨ᠎ᠠ᠃
21 ᠲᠡᠢᠨ ᠬᠦ ᠦᠯᠡᠳᠡᠭᠰᠡᠳ ᠡᠷᠭᠢᠨ᠎ᠡ᠂ ᠶᠠᠺᠣᠪ ᠤᠨ ᠦᠯᠡᠳᠡᠭᠰᠡᠳ ᠬᠦᠴᠦᠲᠦ ᠪᠤᠷᠬᠠᠨ ᠤᠷᠤᠭᠤ ᠡᠷᠭᠢᠨ᠎ᠡ᠃
22 ᠢᠰᠷᠧᠯ ᠡ ᠠᠷᠠᠳ ᠲᠦᠮᠡᠨ ᠴᠢᠨᠢ ᠳᠠᠯᠠᠢ ᠶᠢᠨ ᠡᠯᠡᠰᠦ ᠮᠡᠲᠦ ᠪᠠᠢᠯ᠎ᠠ ᠴᠤ ᠦᠯᠡᠳᠡᠭᠰᠡᠳ ᠨᠢ ᠯᠠ ᠡᠷᠭᠢᠨ᠎ᠡ ᠰᠦᠢᠷᠡᠭᠦᠯᠬᠦ ᠰᠢᠢᠳᠪᠦᠷᠢ ᠭᠠᠷᠪᠠ ᠵᠥᠪ ᠨᠢ ᠪᠢᠯᠬᠠᠨ᠎ᠠ᠂
23 ᠠᠤᠭ᠎ᠠ ᠬᠦᠴᠦᠲᠦ ᠡᠵᠡᠨ ᠶᠣᠬᠣᠸᠠ ᠲᠣᠪᠯᠠᠭᠰᠠᠨ ᠰᠦᠢᠷᠡᠯ ᠢᠶᠡᠨ ᠪᠦᠬᠦ ᠭᠠᠵᠠᠷ ᠤᠨ ᠭᠣᠣᠯ ᠳᠤ ᠭᠦᠢᠴᠡᠭᠡᠨ᠎ᠡ᠃
24 ᠠᠤᠭ᠎ᠠ ᠬᠦᠴᠦᠲᠦ ᠡᠵᠡᠨ ᠶᠣᠬᠣᠸᠠ ᠡᠢᠨ ᠬᠦ ᠠᠢᠯᠠᠳᠪᠠ᠄ ᠽᠢᠶᠣᠨ ᠳᠤ ᠰᠠᠭᠤᠳᠠᠭ ᠠᠷᠠᠳ ᠲᠦᠮᠡᠨ ᠮᠢᠨᠢ ᠠᠰᠢᠷᠢᠶᠠᠴᠤᠳ ᠶᠧᠵᠢᠫᠲ ᠢ ᠳᠠᠭᠤᠷᠢᠶᠠᠨ ᠴᠢᠮᠠᠶᠢ ᠰᠢᠯᠪᠢᠭᠦᠷ ᠢᠶᠡᠷ ᠴᠣᠬᠢᠵᠤ᠂ ᠴᠢᠮ᠎ᠠ ᠤᠷᠤᠭᠤ ᠰᠢᠳᠠᠮ ᠳᠠᠯᠠᠢᠭᠰᠠᠨ ᠴᠤ ᠲᠡᠳᠡᠨ ᠡᠴᠡ ᠪᠦᠦ ᠠᠶᠤ᠃
25 ᠠᠭᠤᠷ ᠬᠢᠯᠢᠩ ᠮᠠᠨᠢ ᠤᠳᠠᠵᠤ ᠲᠦᠳᠡᠯ ᠦᠭᠡᠢ ᠴᠢᠮ᠎ᠠ ᠳᠡᠭᠡᠷ᠎ᠡ ᠪᠠᠢᠬᠤ ᠪᠠᠨ ᠪᠣᠯᠢᠵᠤ ᠲᠡᠳᠡᠨ ᠦ ᠰᠦᠢᠷᠡᠯ ᠳᠡᠭᠡᠷ᠎ᠡ ᠪᠠᠢᠬᠤ ᠪᠣᠯᠣᠨ᠎ᠠ᠂
26 ᠣᠷᠧᠪ ᠤᠨ ᠬᠠᠳᠠᠨ ᠳᠤ ᠮᠢᠳᠢᠶᠠᠨ ᠢ ᠴᠣᠬᠢᠭᠰᠠᠨ ᠰᠢᠭ᠋ ᠢᠶᠠᠨ ᠠᠤᠭ᠎ᠠ ᠬᠦᠴᠦᠲᠦ ᠶᠣᠬᠣᠸᠠ ᠲᠡᠳᠡᠨ ᠢ ᠲᠠᠰᠢᠭᠤᠷᠳᠠᠨᠠ ᠶᠧᠵᠢᠫᠲ ᠲᠤ ᠦᠢᠯᠡᠳᠦᠭᠰᠡᠨ ᠰᠢᠭ ᠢᠶᠠᠨ ᠲᠠᠶᠠᠭ ᠢᠶᠠᠨ ᠳᠠᠯᠠᠢ ᠤᠷᠤᠭᠤ ᠰᠤᠩ᠋ᠭᠠᠨᠠ᠃
27 ᠲᠡᠷᠡ ᠡᠳᠦᠷ ᠲᠡᠭᠦᠨ ᠦ ᠠᠴᠢᠶ᠎ᠠ ᠮᠥᠷᠥᠨ ᠡᠴᠡ ᠴᠢᠨᠢ ᠲᠡᠭᠦᠨ ᠦ ᠪᠤᠭᠤᠯᠠᠭ᠎ᠠ ᠬᠦᠵᠦᠭᠦᠨ ᠡᠴᠡ ᠴᠢᠨᠢ ᠰᠠᠯᠤᠨ᠎ᠠ ᠲᠣᠰᠣᠯᠠᠯᠭ᠎ᠠ ᠠᠴᠠ ᠪᠣᠯᠵᠤ᠂ ᠪᠤᠭᠤᠯᠠᠭ᠎ᠠ ᠨᠢ ᠡᠪᠳᠡᠷᠡᠨ᠎ᠡ᠃
28 ᠲᠡᠳᠡ ᠠᠶᠠᠲ ᠲᠤ ᠢᠷᠡᠯ᠎ᠡ ᠮᠢᠭᠷᠣᠨ ᠢᠶᠠᠷ ᠳᠠᠮᠵᠢᠨ ᠮᠢᠺᠮᠠᠱ ᠲᠤ ᠡᠳ᠋ ᠶᠠᠭᠤᠮ᠎ᠠ ᠪᠠᠨ ᠬᠠᠳᠠᠭᠠᠯᠠᠯ᠎ᠠ᠃
29 ᠲᠡᠳᠡ ᠳᠠᠪᠠᠭ᠎ᠠ ᠶᠢ ᠳᠠᠪᠠᠭᠠᠳ ᠭᠧᠪᠠ ᠳᠤ ᠬᠣᠨᠣᠭᠯᠠᠬᠤ ᠭᠡᠬᠦ ᠳᠦ ᠷᠠᠮᠠ ᠴᠡᠴᠡᠷᠡᠵᠦ᠂ ᠰᠠᠦ᠋ᠯ ᠤᠨ ᠭᠧᠪᠧᠶᠠ ᠵᠢᠭᠤᠲᠠᠯ᠎ᠠ᠃
30 ᠴᠢᠩᠭ᠍᠎ᠠ ᠪᠠᠷ ᠬᠠᠰᠬᠢᠷ᠂ ᠭᠠᠯᠢᠮ ᠥᠬᠢᠨ ᠡ ᠴᠢᠩᠨᠠᠭᠲᠤᠨ᠂ ᠯᠠᠢᠱᠠ ᠡ ᠥ᠂ ᠬᠥᠭᠡᠷᠦᠬᠦᠢ ᠠᠨᠠᠲ᠋ᠣᠲ ᠡ︕
31 ᠮᠠᠳ᠋ᠮᠧᠨᠠ ᠵᠢᠭᠤᠲᠠᠵᠤ ᠭᠧᠪᠢᠮ ᠤᠨ ᠰᠠᠭᠤᠭᠠᠯᠢᠴᠢᠳ ᠬᠣᠷᠭᠣᠳᠠᠬᠤ ᠭᠠᠵᠠᠷ ᠬᠠᠢᠵᠤ ᠪᠠᠢᠨ᠎ᠠ᠃
32 ᠲᠡᠷᠡ ᠡᠳᠦᠷ ᠲᠡᠳᠡ ᠨᠣᠪ ᠲᠤ ᠵᠣᠭᠰᠣᠵᠤ ᠽᠢᠶᠣᠨ ᠥᠬᠢᠨ ᠤ ᠠᠭᠤᠯᠠ ᠶᠧᠷᠦ᠋ᠰᠠᠯᠧᠮ ᠤᠨ ᠲᠣᠯᠣᠭᠠᠳ ᠳᠡᠭᠡᠷ᠎ᠡ ᠨᠢᠳᠤᠷᠭ᠎ᠠ ᠪᠠᠨ ᠳᠠᠯᠠᠢᠨᠠ᠃
33 ᠬᠠᠷ᠎ᠠ᠂ ᠠᠤᠭ᠎ᠠ ᠬᠦᠴᠦᠲᠦ ᠡᠵᠡᠨ ᠶᠣᠬᠣᠸᠠ ᠠᠶᠤᠮᠰᠢᠭᠲᠤ ᠬᠦᠴᠦ ᠪᠡᠷ ᠢᠶᠠᠨ ᠲᠡᠭᠦᠨ ᠦ ᠮᠥᠴᠢᠷ ᠢ ᠲᠠᠰᠤᠯᠤᠨ᠎ᠠ ᠥᠨᠳᠥᠷ ᠨᠢ ᠴᠠᠪᠴᠢᠭᠳᠠᠨᠠ ᠳᠡᠭᠡᠳᠦ ᠨᠢ ᠳᠣᠣᠷᠠᠳᠤ ᠪᠣᠯᠣᠨ᠎ᠠ᠃
34 ᠲᠡᠮᠦᠷ ᠰᠦᠬᠡ ᠪᠡᠷ ᠰᠢᠭᠢᠭᠦᠦ ᠣᠢ ᠶᠢ ᠴᠠᠪᠴᠢᠬᠤ ᠳᠤᠨᠢ ᠬᠦᠴᠦᠲᠦ ᠨᠢᠭᠡᠨ ᠦ ᠡᠮᠦᠨ᠎ᠡ ᠯᠧᠪᠠᠨᠣᠨ ᠤᠨᠠᠨ᠎ᠠ᠃