ᠢᠰᠠᠢᠶ᠎ᠠ ᠲᠠᠪᠢᠨ ᠳᠣᠯᠣᠭ᠎ᠠ
ᠵᠥᠪᠲᠡᠨ ᠦ ᠲᠡᠭᠦᠰᠬᠡᠯ ᠢᠷᠥᠭᠡᠯ ᠲᠡᠢ
1 ᠵᠥᠪᠲᠡᠨ ᠨᠠᠰᠤ ᠪᠠᠷᠠᠭᠰᠠᠨ ᠴᠤ ᠰᠠᠨᠠᠭ᠎ᠠ ᠲᠠᠯᠪᠢᠳᠠᠭ ᠬᠥᠮᠦᠨ ᠠᠯᠠᠭ᠎ᠠ ᠰᠦᠰᠦᠭᠲᠡᠨ ᠠᠪᠠᠴᠢᠭᠳᠠᠭᠰᠠᠨ ᠴᠤ 《ᠵᠥᠪᠲᠡᠨ ᠮᠠᠭᠤ ᠠᠴᠠ ᠠᠪᠠᠴᠢᠭᠳᠠᠵᠠᠢ》 ᠭᠡᠵᠦ ᠣᠢᠯᠠᠭᠠᠳᠠᠭ ᠬᠥᠮᠦᠨ ᠠᠯᠠᠭ᠎ᠠ᠂
2 ᠲᠡᠳᠡ ᠠᠮᠤᠷ ᠠᠮᠤᠭᠤᠯᠠᠩ ᠳᠤ ᠣᠷᠣᠨ᠎ᠠ ᠴᠢᠭ᠍ᠴᠢ ᠠᠮᠢᠳᠤᠷᠠᠭᠴᠢ ᠪᠦᠬᠦᠨ ᠣᠷᠣ ᠳᠡᠭᠡᠷ᠎ᠡ ᠪᠡᠨ ᠠᠮᠠᠷᠠᠨ᠎ᠠ᠃
ᠰᠢᠲᠦᠭᠡᠨ ᠲᠡᠢ ᠵᠠᠪᠬᠠᠢᠷᠠᠭᠴᠢᠳ
3 ᠬᠠᠷᠢᠨ ᠲᠠ ᠨᠠᠷ ᠨᠠᠰᠢ ᠢᠷ᠎ᠡ᠂ ᠶᠢᠯᠸᠢᠴᠢᠨ ᠡᠮ᠎ᠡ ᠶᠢᠨ ᠬᠡᠦᠬᠡᠳ ᠤᠳ ᠵᠠᠪᠬᠠᠢᠷᠠᠭᠴᠢ᠂ ᠶᠠᠩ᠋ᠬᠠᠨ ᠤ ᠦᠷ᠎ᠡ ᠡ
4 ᠲᠠ ᠨᠠᠷ ᠬᠡᠨ ᠢ ᠱᠣᠣᠯᠠᠵᠤ ᠪᠠᠢᠨ᠎ᠠ ᠪᠤᠢ︖ ᠬᠡᠨ ᠦ ᠡᠰᠡᠷᠭᠦ ᠠᠮᠠ ᠪᠠᠨ ᠠᠩ᠋ᠭᠠᠢᠯᠭᠠᠨ᠂ ᠬᠡᠯᠡ ᠪᠡᠨ ᠭᠠᠷᠭᠠᠨ᠎ᠠ ᠪᠤᠢ︖ ᠲᠠ ᠨᠠᠷ ᠭᠡᠮᠲᠡᠳ ᠦᠨ ᠲᠥᠯ ᠬᠠᠭᠤᠷᠮᠠᠭ ᠤᠨ ᠦᠷᠡᠰ ᠪᠤᠰᠤ ᠤᠤ︖
5 ᠲᠠ ᠨᠠᠷ ᠱᠠᠩᠰᠢ ᠮᠣᠳᠣ ᠪᠣᠯᠭᠠᠨ ᠤ ᠳᠣᠣᠷ᠎ᠠ᠂ ᠱᠠᠩᠰᠢ ᠮᠣᠳᠣᠳ ᠤᠨ ᠬᠣᠭᠣᠷᠣᠨᠳᠣ ᠲᠠᠴᠢᠶᠠᠯ ᠳᠤ ᠠᠪᠲᠠᠨ᠂ ᠬᠠᠳᠠᠨ ᠤ ᠬᠠᠪᠴᠢᠯ ᠳᠣᠣᠷ᠎ᠠ᠂ ᠭᠤᠤ ᠵᠢᠯᠠᠭᠠᠨ ᠳᠤ ᠬᠡᠦᠬᠡᠳ ᠢᠶᠡᠷ ᠢᠶᠠᠨ ᠲᠠᠬᠢᠯ ᠡᠷᠭᠦᠳᠡᠭ ᠪᠠᠢᠨ᠎ᠠ᠃
6 ᠭᠤᠤ ᠵᠢᠯᠠᠭᠠᠨ ᠳᠠᠬᠢ ᠭᠥᠯᠢᠭᠡᠷ ᠴᠢᠯᠠᠭᠤᠳ ᠤᠨ ᠳᠤᠮᠳᠠᠬᠢ ᠨᠢ ᠴᠢᠨᠦ ᠥᠪ ᠪᠠᠢᠨ᠎ᠠ ᠲᠡᠳᠡᠭᠡᠷ ᠨᠢ ᠯᠠ ᠴᠢᠨᠦ ᠬᠤᠪᠢ ᠶᠤᠮ᠃ ᠴᠢ ᠲᠡᠳᠡᠭᠡᠷ ᠲᠦ ᠤᠮᠳᠠᠭᠠᠨ ᠡᠷᠭᠦᠯ ᠠᠰᠬᠠᠵᠤ ᠢᠳᠡᠭᠡᠨ ᠡᠷᠭᠦᠯ ᠡᠷᠭᠦᠳᠡᠭ᠂ ᠡᠳᠡᠭᠡᠷ ᠦᠨ ᠴᠢᠨᠢ ᠤᠴᠢᠷ ᠢᠶᠠᠷ ᠪᠢ ᠰᠠᠨᠠᠭ᠎ᠠ ᠠᠮᠤᠷ ᠪᠠᠢᠨ᠎ᠠ ᠭᠡᠵᠢ ᠤᠤ︖
7 ᠥᠨᠳᠥᠷ ᠰᠦᠷᠯᠢᠭ ᠠᠭᠤᠯᠠᠨ ᠳᠡᠭᠡᠷ᠎ᠡ ᠴᠢ ᠣᠷᠣ ᠪᠠᠨ ᠵᠠᠰᠠᠵᠤ ᠲᠠᠬᠢᠯ ᠡᠷᠭᠦᠬᠦ ᠪᠡᠷ ᠲᠡᠰᠢ ᠪᠠᠨ ᠭᠠᠷᠳᠠᠭ᠃
8 ᠬᠠᠭᠠᠯᠭ᠎ᠠ ᠬᠠᠲᠠᠪᠴᠢᠨ ᠤ ᠠᠷᠤ ᠳᠤ ᠴᠢ ᠲᠡᠮᠳᠡᠭ ᠲᠠᠯᠪᠢᠵᠠᠢ᠂ ᠲᠡᠢᠨ ᠬᠦ ᠴᠢ ᠨᠠᠮᠠᠶᠢ ᠣᠭᠣᠷᠣᠨ ᠣᠷᠣ ᠪᠠᠨ ᠢᠯᠡ ᠭᠠᠷᠭᠠᠵᠤ ᠳᠡᠭᠡᠷ᠎ᠡ ᠨᠢ ᠭᠠᠷᠴᠤ᠂ ᠲᠡᠭᠦᠨ ᠢ ᠥᠷᠭᠡᠰᠭᠡᠳᠡᠭ ᠴᠢ ᠲᠡᠳᠡᠨ ᠲᠡᠢ ᠲᠣᠬᠢᠷᠠᠵᠤ ᠨᠢᠴᠦᠭᠦᠨ ᠢ ᠨᠢ ᠬᠠᠷᠠᠨ ᠲᠡᠳᠡᠨ ᠲᠡᠢ ᠬᠡᠪᠲᠡᠬᠦ ᠳᠤᠷᠠᠲᠠᠢ
9 ᠴᠢ ᠮᠣᠯᠧᠺ ᠤᠷᠤᠭᠤ ᠲᠣᠰᠣ ᠲᠠᠢ ᠣᠴᠢᠵᠤ ᠦᠨᠦᠷᠲᠡᠨ ᠢᠶᠡᠨ ᠴᠤ ᠠᠷᠪᠢᠨ ᠠᠪᠠᠴᠢᠳᠠᠭ ᠴᠢ ᠡᠯᠴᠢᠣᠨ ᠢᠶᠠᠨ ᠬᠣᠯᠠ ᠢᠯᠡᠭᠡᠨ ᠦᠬᠦᠭᠰᠡᠳ ᠦᠨ ᠣᠷᠣᠨ ᠤᠷᠤᠭᠤ ᠴᠤ ᠶᠠᠪᠤᠭᠤᠯᠳᠠᠭ᠃
10 ᠬᠣᠯᠠ ᠶᠢᠨ ᠵᠠᠮ ᠳᠤ ᠶᠠᠳᠠᠷᠠᠭᠰᠠᠨ ᠴᠤ 《ᠬᠣᠭᠣᠰᠣᠨ》 ᠭᠡᠵᠦ ᠬᠡᠯᠡᠳᠡᠭ ᠦᠭᠡᠢ ᠬᠦᠴᠦ ᠪᠡᠨ ᠰᠡᠷᠭᠦᠭᠡᠵᠦ᠂ ᠳᠣᠷᠣᠢᠲᠠᠳᠠᠭ ᠦᠭᠡᠢ᠃
11 ᠴᠢ ᠬᠡᠨ ᠡᠴᠡ ᠠᠶᠤᠵᠤ ᠡᠮᠢᠶᠡᠭᠰᠡᠨ ᠳᠡᠭᠡᠨ ᠨᠠᠮᠠᠶᠢ ᠮᠠᠷᠲᠠᠵᠤ ᠰᠠᠨᠠᠭᠠᠨ ᠳᠠᠭᠠᠨ ᠠᠪᠤᠯ ᠦᠭᠡᠢ ᠬᠤᠳᠠᠯ ᠶᠠᠷᠢᠭᠰᠠᠭᠠᠷ ᠪᠠᠢᠨ᠎ᠠ ᠪᠤᠢ︖ ᠪᠢ ᠡᠷᠲᠡᠨ ᠡᠴᠡ ᠳᠠᠭᠤ ᠦᠭᠡᠢ ᠪᠠᠢᠭᠰᠠᠨ ᠢᠶᠠᠷ ᠴᠢ ᠨᠠᠳᠠ ᠠᠴᠠ ᠡᠮᠢᠶᠡᠬᠦ ᠦᠭᠡᠢ ᠪᠣᠯᠣᠭᠰᠠᠨ ᠤᠤ︖
12 ᠪᠢ ᠵᠥᠪ ᠭᠡᠭᠳᠡᠭᠰᠡᠨ ᠦᠢᠯᠡᠰ ᠢ ᠴᠢᠨᠢ ᠢᠯᠡᠷᠬᠡᠶᠢᠯᠡᠭᠰᠡᠨ ᠴᠤ ᠲᠡᠳᠡᠭᠡᠷ ᠨᠢ ᠴᠢᠮ᠎ᠠ ᠳᠤ ᠨᠡᠮᠡᠷᠢ ᠪᠣᠯᠬᠤ ᠦᠭᠡᠢ᠃
ᠭᠡᠮᠰᠢᠭ᠍ᠴᠢ ᠨᠢ ᠡᠨᠡᠷᠢᠭᠳᠡᠨᠡ
13 ᠴᠢ ᠬᠠᠰᠬᠢᠷᠬᠤ ᠳᠤ ᠴᠤᠭᠯᠠᠭᠤᠯᠤᠭᠰᠠᠨ ᠪᠤᠷᠬᠠᠳ ᠴᠢᠨᠢ ᠠᠪᠤᠷᠠᠭ᠂ ᠰᠠᠯᠬᠢ ᠲᠡᠳᠡᠨ ᠢ ᠴᠢᠨᠢ ᠪᠦᠭᠦᠳᠡ ᠶᠢ ᠨᠢ ᠬᠡᠶᠢᠰᠭᠡᠨᠡ ᠨᠢᠭᠡ ᠠᠮᠢᠰᠬᠤᠯ ᠳᠤ ᠲᠡᠳᠡᠨ ᠢ ᠠᠷᠢᠯᠭᠠᠨ᠎ᠠ᠂ ᠭᠡᠪᠡᠴᠦ ᠨᠠᠳᠠ ᠳᠤ ᠬᠣᠷᠭᠣᠳᠠᠭᠴᠢ ᠨᠢ ᠭᠠᠵᠠᠷ ᠢ ᠥᠪᠯᠡᠨ ᠠᠷᠢᠭᠤᠨ ᠠᠭᠤᠯᠠ ᠶᠢ ᠮᠢᠨᠢ ᠡᠵᠡᠮᠰᠢᠨ᠎ᠡ᠃
14 《ᠥᠨᠳᠥᠷᠰᠡᠭᠡ᠂ ᠥᠨᠳᠥᠷᠰᠡᠭᠡ᠂ ᠵᠠᠮ ᠪᠡᠯᠡᠳᠬᠡᠭᠲᠦᠨ ᠠᠷᠠᠳ ᠲᠦᠮᠡᠨ ᠦ ᠮᠢᠨᠢ ᠵᠠᠮ ᠠᠴᠠ ᠰᠠᠭᠠᠳ ᠢ ᠵᠠᠢᠯᠠᠭᠤᠯ》 ᠭᠡᠵᠦ ᠲᠡᠷᠡ ᠠᠢᠯᠠᠳᠤᠨ᠎ᠠ᠃
15 ᠥᠨᠳᠥᠷ ᠲᠦ ᠡᠷᠭᠦᠮᠵᠢᠯᠡᠭᠳᠡᠨ᠂ ᠡᠭᠦᠷᠢᠳᠡ ᠣᠷᠣᠰᠢᠭᠴᠢ᠂ ᠠᠷᠢᠭᠤᠨ ᠭᠡᠭᠳᠡᠳᠡᠭ ᠨᠢᠭᠡᠨ ᠡᠢᠨ ᠬᠦ ᠠᠢᠯᠠᠳᠴᠤ ᠪᠠᠢᠨ᠎ᠠ᠄ 《ᠪᠢ ᠥᠨᠳᠥᠷ᠂ ᠠᠷᠢᠭᠤᠨ ᠭᠠᠵᠠᠷ ᠲᠤ ᠣᠷᠣᠰᠢᠵᠤ ᠪᠠᠰᠠ ᠪᠤᠷᠤᠭᠤ ᠪᠠᠨ ᠬᠦᠯᠢᠶᠡᠳᠡᠭ ᠳᠠᠷᠤᠤ ᠰᠦᠨᠡᠰᠦᠲᠡᠨ ᠲᠡᠢ ᠬᠠᠮᠲᠤ ᠪᠠᠢᠨ᠎ᠠ᠂ ᠲᠡᠢᠨ ᠬᠦ ᠪᠢ ᠳᠠᠷᠤᠤ ᠬᠥᠮᠦᠰ ᠦᠨ ᠰᠦᠨᠡᠰᠦ ᠶᠢ ᠰᠡᠷᠭᠦᠭᠡᠵᠦ ᠮᠥᠨ ᠪᠤᠷᠤᠭᠤ ᠪᠠᠨ ᠬᠦᠯᠢᠶᠡᠭᠴᠢᠳ ᠤᠨ ᠰᠡᠳᠬᠢᠯ ᠢ ᠰᠡᠷᠭᠦᠭᠡᠨ᠎ᠡ᠃
16 ᠪᠢ ᠡᠭᠦᠷᠢᠳᠡ ᠮᠠᠷᠭᠤᠯᠳᠤᠭᠠᠳ ᠪᠠᠢᠳᠠᠭ ᠪᠢᠰᠢ ᠢᠮᠠᠭᠲᠠ ᠠᠭᠤᠷᠯᠠᠭᠠᠳ ᠪᠠᠢᠳᠠᠭ ᠪᠢᠰᠢ ᠡᠰᠡ ᠲᠡᠭᠡᠪᠡᠯ ᠮᠢᠨᠦ ᠪᠦᠲᠦᠭᠡᠭᠰᠡᠨ ᠠᠮᠢ ᠪᠠ ᠰᠦᠨᠡᠰᠦ ᠪᠠᠯᠠᠷᠠᠬᠤ ᠪᠣᠯᠣᠨ᠎ᠠ᠃
17 ᠨᠢᠭᠦᠯᠲᠦ ᠰᠢᠨᠤᠯ ᠠᠴᠠ ᠨᠢ ᠪᠣᠯᠵᠤ ᠪᠢ ᠬᠢᠯᠢᠩᠨᠡᠨ᠂ ᠲᠡᠭᠦᠨ ᠢ ᠴᠣᠬᠢᠪᠠ ᠨᠢᠭᠤᠷ ᠢᠶᠠᠨ ᠨᠢᠭᠤᠵᠤ ᠠᠭᠤᠷᠯᠠᠪᠠ ᠭᠡᠪᠡᠴᠦ ᠲᠡᠷᠡ ᠥᠪᠡᠷ ᠦᠨ ᠢᠶᠠᠨ ᠰᠠᠨᠠᠭ᠎ᠠ ᠪᠠᠷ ᠥᠪᠡᠷ ᠦᠨ ᠢᠶᠠᠨ ᠵᠠᠮ ᠢᠶᠠᠷ ᠪᠤᠴᠠᠨ ᠶᠠᠪᠤᠭᠰᠠᠭᠠᠷ ᠪᠠᠢᠨ᠎ᠠ᠃
18 ᠪᠢ ᠲᠡᠭᠦᠨ ᠦ ᠵᠠᠮ ᠢ ᠨᠢ ᠬᠠᠷᠠᠭᠰᠠᠨ᠂ ᠬᠠᠷᠢᠨ ᠪᠢ ᠲᠡᠭᠦᠨ ᠢ ᠡᠳᠡᠭᠡᠭᠡᠨ᠎ᠡ ᠪᠠᠰᠠ ᠲᠡᠭᠦᠨ ᠢ ᠤᠳᠤᠷᠢᠳᠴᠤ ᠲᠠᠢᠪᠤᠰᠢᠷᠠᠯ ᠢ ᠲᠡᠭᠦᠨ ᠳᠦ ᠳᠠᠬᠢᠨ ᠣᠯᠭᠣᠬᠤ ᠪᠥᠭᠡᠳ
19 ᠢᠰᠷᠧᠯ ᠤᠨ ᠭᠠᠰᠢᠭᠤᠳᠠᠭᠰᠠᠳ ᠤᠨ ᠣᠷᠣᠭᠤᠯ ᠳᠤ ᠪᠢ ᠮᠠᠭᠲᠠᠭᠠᠯ ᠢ ᠪᠤᠢ ᠪᠣᠯᠭᠠᠨ᠎ᠠ᠂ ᠠᠮᠤᠭᠤᠯᠠᠩ ᠨᠢ᠂ ᠠᠮᠤᠭᠤᠯᠠᠩ ᠨᠢ ᠬᠣᠯᠠ ᠣᠢᠷ᠎ᠠ ᠶᠢᠨ ᠬᠢᠨ ᠳᠤ ᠪᠠᠢᠬᠤ ᠪᠣᠯᠣᠨ᠎ᠠ᠂ ᠪᠢ ᠲᠡᠭᠦᠨ ᠢ ᠡᠳᠡᠭᠡᠭᠡᠨ᠎ᠡ ᠶᠣᠬᠣᠸᠠ ᠠᠢᠯᠠᠳᠤᠯ᠎ᠠ᠃
20 ᠬᠠᠷᠢᠨ ᠪᠤᠷᠤᠭᠤᠲᠠᠳ ᠳᠥᠯᠭᠡᠨ ᠪᠠᠢᠵᠤ ᠴᠢᠳᠠᠳᠠᠭ ᠦᠭᠡᠢ᠂ ᠲᠡᠳᠡ ᠤᠰᠤᠨ ᠠᠴᠠ ᠨᠢ ᠰᠢᠪᠠᠷ ᠰᠢᠪᠠᠬᠠᠢ ᠭᠠᠷᠳᠠᠭ ᠳᠣᠭᠰᠢᠨ ᠳᠠᠯᠠᠢ ᠮᠡᠲᠦ ᠶᠤᠮ᠃
21 ᠪᠤᠷᠤᠭᠤᠲᠠᠨ ᠳᠤ ᠠᠮᠤᠭᠤᠯᠠᠩ ᠪᠠᠢᠬᠤ ᠦᠭᠡᠢ᠂ ᠮᠢᠨᠦ ᠪᠤᠷᠬᠠᠨ ᠠᠢᠯᠠᠳᠴᠤ ᠪᠠᠢᠨ᠎ᠠ᠃