1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠠᠷᠪᠠᠨ ᠲᠠᠪᠤ
 ᠮᠣᠶᠠᠪ ᠤᠨ ᠲᠠᠯ᠎ᠠ ᠪᠠᠷ ᠬᠢ ᠡᠰᠢ ᠦᠵᠡᠭᠦᠯᠦᠯᠭᠡ
1 ᠮᠣᠶᠠᠪ ᠤᠨ ᠲᠤᠬᠠᠢ ᠰᠡᠷᠡᠮᠵᠢᠯᠡᠭᠦᠯᠦᠯᠭᠡ᠃ ᠮᠣᠶᠠᠪ ᠤᠨ ᠠᠷ ᠰᠦᠢᠷᠡᠪᠡ᠂ ᠨᠢᠭᠡ ᠰᠥᠨᠢ ᠶᠢᠨ ᠬᠣᠭᠣᠷᠣᠨᠳᠣ ᠰᠦᠢᠷᠡᠵᠡᠢ ᠮᠣᠶᠠᠪ ᠤᠨ ᠺᠢᠷ ᠰᠦᠢᠷᠡᠪᠡ᠂ ᠨᠢᠭᠡ ᠰᠥᠨᠢ ᠶᠢᠨ ᠬᠣᠭᠣᠷᠣᠨᠳᠣ ᠰᠦᠢᠷᠡᠵᠡᠢ᠃
2 ᠳ᠋ᠢᠪᠣᠨ ᠤ ᠬᠢᠨ ᠳᠤᠭᠠᠩ ᠥᠭᠡᠳᠡ ᠪᠡᠨ᠂ ᠮᠥᠷᠭᠥᠯ ᠦᠨ ᠮᠠᠨᠳᠠᠯ ᠥᠭᠡᠳᠡ ᠪᠡᠨ ᠭᠠᠷᠴᠤ ᠤᠬᠢᠯᠠᠨ᠎ᠠ ᠮᠣᠶᠠᠪᠴᠤᠳ ᠨᠧᠪᠣ ᠪᠣᠯᠣᠨ ᠮᠧᠳᠧᠪᠠ ᠶᠢᠨ ᠲᠥᠯᠥᠭᠡ ᠭᠠᠰᠢᠭᠤᠳᠠᠨ ᠬᠥᠮᠦᠨ ᠪᠦᠷᠢ ᠲᠣᠯᠣᠭᠠᠢ ᠪᠠᠨ ᠬᠠᠯᠵᠠᠯᠠᠵᠤ᠂ ᠰᠠᠬᠠᠯ ᠢᠶᠠᠨ ᠬᠤᠰᠤᠵᠠᠢ᠃
3 ᠲᠡᠳᠡ ᠭᠤᠳᠤᠮᠵᠢᠨ ᠳᠠᠭᠠᠨ ᠲᠠᠭᠠᠷ ᠨᠥᠮᠥᠷᠴᠦ ᠳᠡᠭᠡᠪᠦᠷ ᠪᠣᠯᠣᠨ ᠲᠠᠯᠠᠪᠠᠢ ᠳᠡᠭᠡᠷ᠎ᠡ ᠪᠡᠨ ᠪᠦᠭᠦᠳᠡᠭᠡᠷ ᠭᠠᠰᠢᠭᠤᠳᠠᠵᠤ᠂ ᠪᠥᠬᠥᠢᠨ ᠤᠬᠢᠯᠠᠵᠠᠭᠠᠨ᠎ᠠ᠃
4 ᠾᠧᠱᠪᠣᠨ᠂ ᠡᠯᠧᠶᠠᠯᠧ ᠣᠷᠢᠯᠠᠬᠤ ᠳᠤ᠂ ᠳᠠᠭᠤ ᠨᠢ ᠶᠠᠬᠠᠽ ᠬᠦᠷᠲᠡᠯ᠎ᠡ ᠰᠣᠨᠣᠰᠳᠠᠨ᠎ᠠ ᠲᠡᠢᠮᠦ ᠡᠴᠡ ᠮᠣᠶᠠᠪ ᠤᠨ ᠳᠠᠢᠴᠢᠳ ᠴᠢᠷᠠᠯᠠᠨ ᠵᠢᠷᠦᠬᠡ ᠨᠢ ᠴᠡᠴᠡᠷᠡᠨ᠎ᠡ᠃
5 ᠮᠣᠶᠠᠪ ᠤᠨ ᠲᠥᠯᠥᠭᠡ ᠰᠡᠳᠬᠢᠯ ᠮᠢᠨᠢ ᠬᠠᠰᠬᠢᠷᠤᠨ᠎ᠠ᠂ ᠣᠷᠭᠣᠳᠤᠤᠯ ᠤᠳ ᠨᠢ ᠽᠣᠶᠠᠷ᠂ ᠡᠭᠯᠠᠲ ᠱᠧᠯᠢᠱᠢᠶᠠ ᠬᠦᠷᠲᠡᠯ᠎ᠡ ᠵᠢᠭᠤᠲᠠᠨ᠎ᠠ ᠲᠡᠳᠡ ᠯᠦᠾᠢᠲ ᠤᠨ ᠪᠡᠯ ᠢᠶᠡᠷ ᠤᠬᠢᠯᠠᠯᠳᠤᠨ ᠥᠭᠰᠥᠵᠦ ᠬᠣᠷᠣᠨᠠᠢᠮ ᠤᠨ ᠵᠠᠮ ᠳᠡᠭᠡᠷ᠎ᠡ ᠮᠥᠬᠥᠯ ᠦᠨ ᠢᠶᠠᠨ ᠲᠥᠯᠥᠭᠡ ᠭᠠᠰᠢᠭᠤᠳᠠᠨ᠎ᠠ
6 ᠨᠢᠮᠷᠢᠮ ᠤᠨ ᠤᠰᠤ ᠰᠢᠷᠭᠢᠪᠡ ᠨᠣᠭᠣᠭ᠎ᠠ ᠨᠢ ᠭᠠᠩᠳᠠᠵᠤ᠂ ᠡᠪᠡᠰᠦ ᠨᠢ ᠬᠤᠪᠠᠬᠠᠢᠷᠠᠨ ᠨᠣᠭᠣᠭᠠᠨ ᠶᠠᠭᠤᠮ᠎ᠠ ᠠᠯᠠᠭ᠎ᠠ ᠪᠣᠯᠣᠯ᠎ᠠ᠃
7 ᠡᠢᠮᠦ ᠡᠴᠡ ᠲᠡᠳᠡ ᠬᠤᠷᠢᠶᠠᠵᠤ ᠨᠥᠭᠡᠴᠡᠯᠡᠭᠰᠡᠨ ᠪᠠᠶᠠᠯᠢᠭ ᠢᠶᠠᠨ ᠡᠭᠦᠷᠴᠦ ᠤᠳᠠ ᠶᠢᠨ ᠭᠣᠷᠣᠬ᠎ᠠ ᠶᠢ ᠭᠠᠲᠤᠯᠤᠨ᠎ᠠ᠃
8 ᠲᠡᠳᠡᠨ ᠦ ᠤᠬᠢᠯᠠᠭᠠᠨ ᠮᠣᠶᠠᠪ ᠤᠨ ᠪᠦᠬᠦ ᠬᠢᠵᠠᠭᠠᠷ ᠲᠤ ᠴᠤᠤᠷᠢᠶᠠᠲᠤᠵᠤ ᠲᠡᠳᠡᠨ ᠦ ᠭᠠᠰᠢᠭᠤᠳᠠᠯ ᠡᠭᠯᠠᠢᠮ ᠳᠤ᠂ ᠪᠧᠷ ᠡᠯᠢᠮ ᠳᠤ ᠴᠤ ᠬᠦᠷᠪᠡ᠃
9 ᠳ᠋ᠢᠮᠣᠨ ᠤ ᠤᠰᠤ ᠴᠢᠰᠤ ᠪᠠᠷ ᠳᠦᠭᠦᠷᠦᠭᠰᠡᠨ ᠴᠤ ᠳ᠋ᠢᠮᠣᠨ ᠳᠤ ᠪᠢ ᠤᠢ ᠭᠠᠰᠢᠭᠤ ᠶᠢ ᠨᠢ ᠨᠡᠮᠡᠨ᠎ᠡ ᠪᠢ ᠮᠣᠶᠠᠪ ᠤᠨ ᠣᠷᠭᠣᠳᠤᠤᠯ ᠤᠳ ᠪᠠ ᠲᠡᠷᠡ ᠨᠤᠲᠤᠭ ᠤᠨ ᠦᠯᠡᠳᠡᠭᠰᠡᠳ ᠤᠷᠤᠭᠤ ᠠᠷᠰᠯᠠᠨ ᠶᠠᠪᠤᠭᠤᠯᠤᠨ᠎ᠠ᠃