1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠲᠠᠪᠤ
 ᠦᠵᠦᠮᠴᠢᠨ ᠤ ᠳᠠᠭᠤᠤ

1 《ᠪᠢ ᠬᠠᠢᠷᠠᠲᠤ ᠳᠠᠭᠠᠨ ᠵᠣᠷᠢᠭᠤᠯᠵᠤ ᠬᠠᠢᠷᠠᠲᠤ ᠶᠢᠨ ᠢᠶᠠᠨ ᠦᠵᠦᠮ ᠦᠨ ᠲᠠᠯᠠᠪᠠᠢ ᠶᠢᠨ ᠲᠤᠬᠠᠢ ᠳᠠᠭᠤᠤ ᠶᠢ ᠨᠢ ᠳᠠᠭᠤᠯᠠᠶ᠎ᠠ ᠬᠠᠢᠷᠠᠲᠤ ᠮᠢᠨᠢ ᠦᠷᠡᠵᠢᠯ ᠰᠢᠮ᠎ᠡ ᠲᠠᠢ ᠳᠣᠪᠣ ᠳᠡᠭᠡᠷ᠎ᠡ ᠦᠵᠦᠮ ᠦᠨ ᠲᠠᠯᠠᠪᠠᠢ ᠲᠠᠢ ᠪᠠᠢᠵᠠᠢ᠃
2 ᠲᠡᠷᠡ ᠪᠡᠷ ᠭᠠᠵᠠᠷ ᠤᠬᠤᠵᠤ ᠴᠢᠯᠠᠭᠤ ᠨᠤᠭᠤᠳ ᠢ ᠨᠢ ᠵᠠᠢᠯᠠᠭᠤᠯᠤᠭᠠᠳ ᠰᠢᠯᠢᠮᠡᠯ ᠦᠵᠦᠮ ᠦᠨ ᠮᠣᠳᠣ ᠲᠠᠷᠢᠵᠤ ᠳᠤᠮᠳᠠ ᠨᠢ ᠴᠠᠮᠬᠠᠭ ᠪᠣᠰᠬᠠᠭᠠᠳ ᠲᠡᠨᠳᠡ ᠦᠵᠦᠮ ᠦᠨ ᠰᠢᠬᠠᠭᠤᠷᠭ᠎ᠠ ᠪᠠᠢᠷᠢᠯᠠᠭᠤᠯᠵᠤ ᠭᠡᠨ᠎ᠡ᠂ ᠲᠡᠷᠡ ᠦᠵᠦᠮ ᠭᠠᠷᠤᠨ᠎ᠠ ᠭᠡᠵᠦ ᠨᠠᠢᠳᠠᠪᠠ ᠬᠠᠷᠢᠨ ᠥᠮᠡᠬᠡᠢ ᠵᠢᠮᠢᠰ ᠭᠠᠷᠴᠠᠢ᠃

3 ᠣᠳᠣ ᠶᠧᠷᠦ᠋ᠰᠠᠯᠧᠮ ᠤᠨ ᠰᠠᠭᠤᠭᠠᠯᠢᠴᠢᠳ ᠡ ᠶᠦᠳᠠ ᠶᠢᠨ ᠬᠥᠮᠦᠰ ᠡ ᠪᠢ ᠪᠣᠯᠣᠨ ᠮᠢᠨᠦ ᠦᠵᠦᠮ ᠦᠨ ᠲᠠᠯᠠᠪᠠᠢ ᠶᠢᠨ ᠬᠣᠭᠣᠷᠣᠨᠳᠣᠬᠢ ᠶᠢ ᠰᠢᠭᠦᠭᠲᠦᠨ᠂
4 ᠪᠢ ᠦᠵᠦᠮ ᠦᠨ ᠲᠠᠯᠠᠪᠠᠢ ᠳᠠᠭᠠᠨ ᠶᠠᠭᠤ ᠬᠢᠬᠦ ᠨᠢ ᠳᠤᠲᠠᠭᠠᠳ ᠶᠠᠭᠤ ᠨᠡᠮᠡᠵᠦ ᠬᠢᠬᠦ ᠶᠣᠰᠣᠲᠠᠢ ᠪᠣᠯᠵᠤ ᠪᠠᠢᠨ᠎ᠠ ᠪᠤᠢ︖ ᠦᠵᠦᠮ ᠭᠠᠷᠤᠨ᠎ᠠ ᠭᠡᠵᠦ ᠨᠠᠢᠳᠠᠭᠰᠠᠨ ᠠᠲᠠᠯ᠎ᠠ ᠶᠠᠭᠠᠬᠢᠭᠠᠳ ᠥᠮᠡᠬᠡᠢ ᠵᠢᠮᠢᠰ ᠭᠠᠷᠤᠨ᠎ᠠ ᠪᠤᠢ︖
5 ᠣᠳᠣ ᠪᠢ ᠦᠵᠦᠮ ᠦᠨ ᠲᠠᠯᠠᠪᠠᠢ ᠳᠠᠭᠠᠨ ᠶᠠᠭᠤ ᠬᠢᠬᠦ ᠭᠡᠵᠦ ᠪᠠᠢᠭ᠎ᠠ ᠪᠠᠨ ᠲᠠ ᠨᠠᠷ ᠲᠤ ᠮᠡᠳᠡᠭᠦᠯᠦᠶ᠎ᠡ ᠪᠢ ᠬᠠᠰᠢᠶ᠎ᠠ ᠶᠢ ᠨᠢ ᠬᠤᠷᠢᠶᠠᠵᠤ ᠠᠪᠤᠨ᠎ᠠ ᠲᠡᠷᠡ ᠰᠢᠲᠠᠭᠠᠭᠳᠠᠨ᠎ᠠ ᠪᠢ ᠬᠡᠷᠡᠮ ᠢ ᠨᠢ ᠨᠤᠷᠠᠭᠠᠨ᠎ᠠ ᠲᠡᠷᠡ ᠲᠠᠯᠬᠢᠳᠠᠭᠳᠠᠨ᠎ᠠ᠂
6 ᠪᠢ ᠲᠡᠭᠦᠨ ᠢ ᠬᠣᠭᠣᠰᠣᠷᠠᠭᠤᠯᠤᠨ᠎ᠠ ᠮᠥᠴᠢᠷ ᠨᠢ ᠵᠠᠰᠠᠭᠳᠠᠬᠤ ᠦᠭᠡᠢ᠂ ᠭᠠᠵᠠᠷ ᠨᠢ ᠬᠠᠭᠠᠯᠤᠭᠳᠠᠬᠤ ᠦᠭᠡᠢ ᠦᠭᠦᠷᠭᠡᠨ᠎ᠡ ᠪᠠ ᠬᠠᠯᠠᠭᠠᠢ ᠤᠷᠭᠤᠨ᠎ᠠ ᠪᠢ ᠡᠭᠦᠯᠡᠨ ᠳᠦ ᠲᠤᠰᠢᠶᠠᠵᠤ᠂ ᠲᠡᠭᠦᠨ ᠳᠡᠭᠡᠷ᠎ᠡ ᠪᠣᠷᠣᠭᠠᠨ ᠣᠷᠣᠭᠤᠯᠬᠤ ᠦᠭᠡᠢ᠂》

7 ᠲᠡᠢᠮᠦ ᠡ᠂ ᠠᠤᠭ᠎ᠠ ᠬᠦᠴᠦᠲᠦ ᠶᠣᠬᠣᠸᠠ ᠶᠢᠨ ᠦᠵᠦᠮ ᠦᠨ ᠲᠠᠯᠠᠪᠠᠢ ᠨᠢ ᠢᠰᠷᠧᠯ ᠤᠨ ᠭᠡᠷ ᠲᠠᠭᠠᠯᠠᠨ ᠰᠣᠶᠣᠷᠬᠠᠳᠠᠭ ᠲᠠᠷᠢᠮᠠᠯ ᠨᠢ ᠶᠦᠳᠠ ᠶᠢᠨ ᠠᠷᠠᠳ ᠲᠦᠮᠡᠨ ᠶᠤᠮ᠂ ᠲᠡᠷᠡ ᠰᠢᠳᠤᠷᠭᠤ ᠶᠢ ᠬᠦᠰᠡᠭᠰᠡᠨ ᠬᠢᠷᠢ ᠨᠢ ᠴᠢᠰᠤ ᠦᠵᠡᠪᠡ ᠵᠥᠪ ᠢ ᠬᠦᠰᠡᠭᠰᠡᠨ ᠬᠢᠷᠢ ᠨᠢ ᠵᠣᠪᠠᠯᠠᠩᠲᠤ ᠳᠠᠭᠤ ᠰᠣᠨᠣᠰᠪᠠ᠃
 ᠨᠢᠭᠦᠯ ᠦᠨ ᠦᠷ᠎ᠡ ᠳᠠᠭᠠᠪᠤᠷᠢ
8 ᠪᠠᠢᠰᠢᠩ ᠳᠡᠭᠡᠷ᠎ᠡ ᠪᠠᠢᠰᠢᠩ ᠢ ᠨᠡᠮᠡᠭᠰᠡᠭᠡᠷ ᠲᠠᠯᠠᠪᠠᠢ ᠶᠢ ᠲᠠᠯᠠᠪᠠᠢ ᠲᠠᠢ ᠨᠡᠢᠯᠡᠭᠦᠯᠦᠭᠰᠡᠭᠡᠷ ᠭᠠᠵᠠᠷ ᠳᠡᠭᠡᠷ᠎ᠡ ᠵᠠᠢ ᠦᠯᠡᠳᠡᠭᠡᠯ ᠦᠭᠡᠢ ᠭᠠᠭᠴᠠᠭᠠᠷ ᠢᠶᠠᠨ ᠠᠮᠢᠳᠤᠷᠠᠬᠤ ᠭᠡᠭᠴᠢᠳ ᠭᠠᠰᠠᠯᠠᠩᠲᠠᠶ᠎ᠠ︕
9 ᠠᠤᠭ᠎ᠠ ᠬᠦᠴᠦᠲᠦ ᠶᠣᠬᠣᠸᠠ ᠴᠢᠬᠢᠨ ᠳᠤ ᠮᠢᠨᠢ ᠠᠢᠯᠠᠳᠤᠨ᠄ 《ᠲᠣᠭᠠᠯᠠᠰᠢ ᠦᠭᠡᠢ ᠣᠯᠠᠨ ᠪᠠᠢᠰᠢᠩ ᠬᠣᠭᠣᠰᠣᠷᠠᠨ᠎ᠠ ᠲᠣᠮᠣ᠂ ᠰᠠᠢᠬᠠᠨ ᠨᠢ ᠴᠤ ᠡᠵᠡᠨ ᠦᠭᠡᠢ ᠪᠣᠯᠣᠨ᠎ᠠ᠃
10 ᠦᠵᠦᠮ ᠦᠨ ᠠᠷᠪᠠᠨ ᠮᠦ ᠭᠠᠵᠠᠷ ᠨᠢᠭᠡ ᠪᠠᠲ 1 ᠳᠠᠷᠠᠰᠤ ᠭᠠᠷᠭᠠᠵᠤ ᠨᠢᠭᠡ ᠣᠮᠧᠷ 2 ᠦᠷ᠎ᠡ ᠨᠢ ᠨᠢᠭᠡ ᠡᠹᠠ 3 ᠠᠮᠤ ᠭᠠᠷᠭᠠᠨ᠎ᠠ》 ᠭᠡᠯ᠎ᠡ᠃
11 ᠥᠷᠯᠥᠭᠡ ᠡᠷᠲᠡ ᠡᠴᠡ ᠬᠠᠲᠠᠭᠤ ᠠᠷᠢᠬᠢ ᠬᠥᠭᠡᠭᠡᠴᠡᠯᠳᠦᠵᠦ ᠰᠥᠨᠢ ᠪᠣᠯᠲᠠᠯ᠎ᠠ ᠳᠠᠷᠠᠰᠤᠨ ᠳᠤ ᠬᠥᠯᠴᠥᠭᠦᠷᠡᠭᠴᠢᠳ ᠭᠠᠰᠠᠯᠠᠩᠲᠠᠶ᠎ᠠ︕
12 ᠲᠡᠳᠡ ᠬᠤᠭᠤᠷ᠂ ᠶᠠᠲᠤᠭ᠎ᠠ᠂ ᠬᠡᠩᠭᠡᠷᠭᠡ᠂ ᠯᠢᠩᠪᠦ᠂ ᠳᠠᠷᠠᠰᠤ ᠪᠠᠷ ᠴᠡᠩᠭᠡᠳᠡᠭ ᠪᠣᠯᠪᠠᠴᠤ ᠶᠣᠬᠣᠸᠠ ᠶᠢᠨ ᠦᠢᠯᠡᠰ ᠢ ᠦᠯᠦ ᠲᠣᠭᠣᠵᠤ ᠮᠤᠲᠤᠷ ᠤᠨ ᠬᠢᠨᠢ ᠠᠵᠢᠯ ᠢ ᠴᠤ ᠦᠯᠦ ᠲᠣᠭᠣᠮᠰᠠᠷᠯᠠᠨ᠎ᠠ᠃
13 ᠲᠡᠢᠨ ᠬᠦ ᠠᠷᠠᠳ ᠲᠦᠮᠡᠨ ᠮᠢᠨᠢ ᠮᠡᠳᠡᠯᠭᠡ ᠦᠭᠡᠢ ᠡᠴᠡ ᠪᠣᠯᠵᠤ ᠴᠥᠯᠡᠭᠳᠡᠨ᠎ᠡ ᠬᠦᠨᠳᠦᠲᠡᠢ ᠬᠥᠮᠦᠰ ᠨᠢ ᠥᠯᠥᠰᠴᠦ ᠣᠯᠠᠨ ᠨᠢ ᠴᠠᠩ᠋ᠭᠠᠵᠤ ᠬᠠᠲᠠᠨ᠎ᠠ᠃
14 ᠦᠬᠦᠭᠰᠡᠳ ᠦᠨ ᠣᠷᠣᠨ ᠰᠢᠯᠦᠰᠦ ᠪᠡᠨ ᠭᠣᠭᠣᠵᠢᠭᠤᠯᠵᠤ ᠠᠮᠠ ᠪᠠᠨ ᠬᠡᠮᠵᠢᠶ᠎ᠡ ᠦᠭᠡᠢ ᠠᠩ᠋ᠭᠠᠢᠯᠭᠠᠬᠤ ᠳᠤ ᠶᠧᠷᠦ᠋ᠰᠠᠯᠧᠮ ᠤᠨ ᠨᠣᠶᠠᠳ ᠪᠣᠯᠣᠨ ᠠᠷᠠᠳ ᠣᠯᠠᠨ ᠱᠤᠤᠭᠢᠯᠳᠤᠨ ᠴᠡᠩᠭᠡᠯᠳᠦᠭᠴᠢ ᠪᠦᠭᠦᠳᠡ ᠲᠠᠢ ᠪᠠᠨ ᠬᠠᠮᠲᠤ ᠲᠡᠰᠢ ᠪᠠᠭᠤᠨ᠎ᠠ᠃
15 ᠲᠡᠢᠨ ᠬᠦ ᠬᠥᠮᠦᠰ ᠪᠠᠭᠤᠷᠠᠢ ᠪᠣᠯᠵᠤ ᠬᠥᠮᠦᠨ ᠪᠦᠷᠢ ᠳᠣᠭᠣᠭᠰᠢᠯᠠᠨ ᠳᠡᠭᠡᠷᠡᠩᠭᠦᠢ ᠬᠥᠮᠦᠨ ᠦ ᠬᠠᠷᠠᠴᠠ ᠴᠤ ᠳᠣᠭᠣᠭᠰᠢᠯᠠᠬᠤ ᠳᠤ
16 ᠠᠤᠭ᠎ᠠ ᠬᠦᠴᠦᠲᠦ ᠶᠣᠬᠣᠸᠠ ᠭᠣᠣᠯᠴᠢ ᠪᠠᠷ ᠢᠶᠠᠨ ᠡᠷᠭᠦᠮᠵᠢᠯᠡᠭᠳᠡᠨ᠎ᠡ ᠠᠷᠢᠭᠤᠨ ᠪᠤᠷᠬᠠᠨ ᠵᠥᠪ ᠢᠶᠡᠷ ᠢᠶᠠᠨ ᠠᠷᠢᠭᠤᠨ ᠪᠠᠢᠳᠠᠯ ᠢᠶᠠᠨ ᠦᠵᠡᠭᠦᠯᠦᠨ᠎ᠡ᠃
17 ᠲᠡᠷᠡ ᠦᠶ᠎ᠡ ᠳᠦ ᠬᠤᠷᠠᠭ᠎ᠠ ᠨᠤᠭᠤᠳ ᠲᠡᠨᠳᠡ ᠪᠡᠯᠴᠢᠭᠡᠷ ᠲᠡᠭᠡᠨ ᠪᠠᠢᠭ᠎ᠠ ᠰᠢᠭ᠋ ᠢᠳᠡᠰᠢᠯᠡᠵᠦ ᠨᠡᠭᠦᠳᠡᠯᠴᠢᠳ ᠪᠠᠶᠠᠴᠤᠳ ᠤᠨ ᠪᠠᠭᠤᠷᠢ ᠳᠡᠭᠡᠷ᠎ᠡ ᠬᠣᠭᠣᠯᠠᠯᠠᠨ᠎ᠠ᠃

18 ᠬᠤᠳᠠᠯ ᠤᠨ ᠠᠷᠭᠠᠮᠵᠢᠶ᠎ᠠ ᠪᠠᠷ ᠬᠣᠷᠣᠨ ᠮᠠᠭᠤ ᠶᠢ ᠬᠥᠲᠥᠯᠵᠦ ᠲᠡᠷᠭᠡᠨ ᠲᠠᠲᠠᠯᠭ᠎ᠠ ᠪᠠᠷ ᠨᠢᠭᠦᠯ ᠢ ᠲᠠᠲᠠᠭᠴᠢᠳ ᠭᠠᠰᠠᠯᠠᠩᠲᠠᠶ᠎ᠠ᠃
19 ᠲᠡᠳᠡ᠄ 《ᠪᠤᠷᠬᠠᠨ ᠪᠤᠰᠢᠭᠤᠯᠵᠤ ᠠᠵᠢᠯ ᠢᠶᠠᠨ ᠲᠦᠷᠭᠡᠨ ᠬᠢᠭ ᠪᠢᠳᠡ ᠬᠠᠷᠠᠮᠠᠷ ᠪᠠᠢᠨ᠎ᠠ ᠢᠰᠷᠧᠯ ᠤᠨ ᠠᠷᠢᠭᠤᠨ ᠨᠢᠭᠡᠨ ᠦ ᠲᠥᠯᠥᠪᠯᠡᠭᠡ ᠨᠢ ᠣᠢᠷᠠᠲᠤᠭ ᠪᠢᠳᠡ ᠮᠡᠳᠡᠮᠡᠷ ᠪᠠᠢᠨ᠎ᠠ》 ᠭᠡᠨ᠎ᠡ᠂
20 ᠮᠠᠭᠤ ᠶᠢ ᠰᠠᠢᠨ᠂ ᠰᠠᠢᠨ ᠢ ᠮᠠᠭᠤ ᠭᠡᠭᠴᠢᠳ ᠬᠠᠷᠠᠩ᠋ᠭᠤᠢ ᠶᠢ ᠭᠡᠷᠡᠯ᠂ ᠭᠡᠷᠡᠯ ᠢ ᠬᠠᠷᠠᠩ᠋ᠭᠤᠢ ᠪᠠᠷ ᠰᠣᠯᠢᠭᠴᠢᠳ ᠭᠠᠰᠢᠭᠤᠨ ᠢ ᠠᠮᠲᠠᠲᠠᠢ᠂ ᠠᠮᠲᠠᠲᠠᠢ ᠶᠢ ᠭᠠᠰᠢᠭᠤᠨ ᠢᠶᠠᠷ ᠰᠣᠯᠢᠭᠴᠢᠳ ᠭᠠᠰᠠᠯᠠᠩᠲᠠᠶ᠎ᠠ᠂
21 ᠥᠪᠡᠷ ᠢ ᠪᠠᠨ ᠮᠡᠷᠭᠡᠨ ᠭᠡᠵᠦ ᠥᠪᠡᠷ ᠢ ᠪᠠᠨ ᠤᠬᠠᠭᠠᠯᠢᠭ ᠭᠡᠭᠴᠢᠳ ᠭᠠᠰᠠᠯᠠᠩᠲᠠᠶ᠎ᠠ᠂
22 ᠳᠠᠷᠠᠰᠤ ᠤᠤᠭᠤᠬᠤ ᠳᠠᠭᠠᠨ ᠪᠠᠭᠠᠲᠤᠷ ᠠᠷᠢᠬᠢ ᠨᠠᠢᠷᠠᠭᠤᠯᠬᠤ ᠳᠠᠭᠠᠨ ᠭᠠᠷᠮᠠᠭᠠᠢ ᠨᠢ ᠭᠠᠰᠠᠯᠠᠩᠲᠠᠶ᠎ᠠ᠂
23 ᠬᠠᠬᠤᠤᠯᠢ ᠡᠴᠡ ᠪᠣᠯᠵᠤ ᠲᠡᠳᠡ ᠬᠣᠷᠣᠨ ᠮᠠᠭᠤ ᠶᠢ ᠵᠥᠪᠲᠥᠭᠡᠵᠦ ᠭᠡᠮ ᠦᠭᠡᠢ ᠬᠥᠮᠦᠨ ᠦ ᠡᠷᠬᠡ ᠶᠢ ᠪᠤᠯᠢᠶᠠᠳᠠᠭ ᠶᠤᠮ᠃

24 ᠲᠡᠢᠮᠦ ᠡᠴᠡ ᠭᠠᠯ ᠤᠨ ᠬᠡᠯᠡ ᠰᠦᠷᠡᠯ ᠢ ᠵᠠᠯᠭᠢᠬᠤ ᠮᠡᠲᠦ ᠬᠠᠭᠤᠷᠠᠢ ᠡᠪᠡᠰᠦ ᠭᠠᠯ ᠤᠨ ᠳᠥᠯᠥ ᠳᠤ ᠰᠥᠨᠥᠬᠦ ᠠᠳᠠᠯᠢ ᠦᠨᠳᠦᠰᠦ ᠨᠢ ᠥᠮᠡᠬᠡᠢᠷᠡᠵᠦ ᠴᠡᠴᠡᠭ ᠨᠢ ᠲᠣᠭᠣᠰᠣ ᠰᠢᠭ᠋ ᠬᠡᠶᠢᠰᠦᠨ᠎ᠡ ᠤᠴᠢᠷ ᠨᠢ ᠲᠡᠳᠡ ᠠᠤᠭ᠎ᠠ ᠬᠦᠴᠦᠲᠦ ᠶᠣᠬᠣᠸᠠ ᠶᠢᠨ ᠬᠠᠤᠯᠢ ᠶᠢ ᠣᠭᠣᠷᠣᠨ ᠢᠰᠷᠧᠯ ᠤᠨ ᠠᠷᠢᠭᠤᠨ ᠨᠢᠭᠡᠨ ᠦ ᠦᠭᠡ ᠶᠢ ᠵᠢᠭᠰᠢᠪᠡ᠃
25 ᠲᠡᠢᠮᠦ ᠡᠴᠡ ᠶᠣᠬᠣᠸᠠ ᠶᠢᠨ ᠠᠭᠤᠷ ᠬᠢᠯᠢᠩ ᠠᠷᠠᠳ ᠲᠦᠮᠡᠨ ᠦ ᠳᠡᠭᠡᠷ᠎ᠡ ᠳᠦᠷᠡᠯᠵᠡᠪᠡ ᠲᠡᠭᠦᠨ ᠦ ᠮᠤᠲᠤᠷ ᠲᠡᠳᠡᠨ ᠤᠷᠤᠭᠤ ᠰᠤᠩ᠋ᠭᠠᠨ ᠲᠡᠳᠡᠨ ᠢ ᠴᠣᠬᠢᠭᠰᠠᠨ ᠳᠤ᠂ ᠠᠭᠤᠯᠠᠰ ᠴᠡᠴᠡᠷᠡᠵᠦ ᠬᠡᠭᠦᠷ ᠨᠢ ᠭᠤᠳᠤᠮᠵᠢ ᠪᠠᠷ ᠬᠣᠭ ᠮᠡᠲᠦ ᠬᠠᠶᠠᠭᠳᠠᠵᠠᠢ᠃ ᠭᠡᠪᠡᠴᠦ ᠲᠡᠭᠦᠨ ᠦ ᠬᠢᠯᠢᠩ ᠨᠠᠮᠳᠠᠭ᠎ᠠ ᠦᠭᠡᠢ ᠲᠡᠭᠦᠨ ᠦ ᠨᠢᠳᠤᠷᠭ᠎ᠠ ᠳᠠᠯᠠᠢᠭᠰᠠᠨ ᠬᠡᠪ ᠢᠶᠡᠷ ᠢᠶᠠᠨ ᠪᠠᠢᠨ᠎ᠠ᠃

26 ᠲᠡᠷᠡ ᠲᠤᠭ ᠢᠶᠠᠨ ᠡᠷᠭᠦᠵᠦ ᠬᠣᠯᠠ ᠶᠢᠨ ᠦᠨᠳᠦᠰᠦᠲᠡᠨ ᠨᠦᠭᠦᠳ ᠢ ᠳᠣᠬᠢᠵᠤ ᠭᠠᠵᠠᠷ ᠤᠨ ᠮᠤᠬᠤᠷ ᠤᠨ ᠬᠢᠨ ᠢ ᠳᠠᠭᠤᠳᠠᠨ ᠢᠰᠭᠡᠷᠦᠨ᠎ᠡ ᠲᠡᠳᠡ ᠦᠳᠲᠡᠷ ᠲᠦᠷᠭᠡᠨ ᠢᠷᠡᠨ᠎ᠡ︕
27 ᠲᠡᠳᠡᠨ ᠦ ᠬᠡᠨ ᠨᠢ ᠴᠤ ᠶᠠᠳᠠᠷᠠᠬᠤ ᠦᠭᠡᠢ᠂ ᠪᠦᠳᠦᠷᠢᠬᠦ ᠦᠭᠡᠢ ᠵᠡᠭᠦᠷᠮᠡᠭᠯᠡᠬᠦ ᠦᠭᠡᠢ᠂ ᠤᠨᠲᠠᠬᠤ ᠦᠭᠡᠢ᠂ ᠪᠡᠯᠬᠡᠭᠦᠰᠦᠨ ᠳᠠᠬᠢ ᠪᠦᠰᠡ ᠨᠢ ᠲᠠᠢᠯᠤᠭᠳᠠᠬᠤ ᠦᠭᠡᠢ ᠭᠤᠲᠤᠯ ᠤᠨ ᠦᠳᠡᠭᠡᠷᠢ ᠨᠢ ᠬᠠᠭᠵᠠᠷᠠᠬᠤ ᠦᠭᠡᠢ
28 ᠰᠤᠮᠤ ᠨᠢ ᠬᠤᠷᠴᠠ ᠪᠥᠭᠡᠳ ᠨᠤᠮᠤ ᠨᠢ ᠬᠥᠪᠴᠢᠯᠡᠭᠳᠡᠵᠡᠢ ᠮᠣᠷᠢᠳ ᠤᠨ ᠬᠢᠨᠢ ᠲᠤᠭᠤᠷᠠᠢ ᠴᠠᠬᠢᠭᠤᠷ ᠮᠡᠲᠦ ᠲᠡᠷᠭᠡᠨ ᠦ ᠬᠢᠨᠢ ᠮᠥᠭᠡᠷ ᠬᠤᠢ ᠰᠠᠯᠬᠢ ᠮᠡᠲᠦ᠃
29 ᠲᠡᠳᠡᠨ ᠦ ᠤᠤᠬᠠᠢ ᠠᠷᠰᠯᠠᠨ ᠤ ᠠᠷᠬᠢᠷᠠᠭᠠᠨ ᠮᠡᠲᠦ ᠲᠡᠳᠡ ᠵᠠᠯᠠᠭᠤ ᠠᠷᠰᠯᠠᠨ ᠰᠢᠭ᠋ ᠠᠷᠬᠢᠷᠠᠨ᠎ᠠ ᠲᠡᠳᠡ ᠬᠦᠷᠬᠢᠷᠡᠨ ᠢᠳᠡᠰᠢ ᠰᠢᠭᠦᠷᠦᠭᠡᠳ ᠶᠠᠪᠤᠭᠰᠠᠨ ᠴᠤ ᠲᠡᠷᠡ ᠢᠳᠡᠰᠢ ᠶᠢ ᠴᠢᠯᠥᠭᠡᠯᠡᠭᠴᠢ ᠠᠯᠠᠭ᠎ᠠ᠃
30 ᠲᠡᠷᠡ ᠡᠳᠦᠷ ᠲᠡᠳᠡ ᠠᠷᠠᠳ ᠲᠦᠮᠡᠨ ᠤᠷᠤᠭᠤ ᠳᠠᠯᠠᠢ ᠶᠢᠨ ᠬᠦᠷᠬᠢᠷᠡᠯᠲᠡ ᠮᠡᠲᠦ ᠬᠦᠷᠬᠢᠷᠡᠨ᠎ᠡ ᠬᠡᠨ ᠨᠢᠭᠡᠨ ᠨᠢ ᠡᠨᠡ ᠨᠤᠲᠤᠭ ᠤᠷᠤᠭᠤ ᠬᠠᠷᠠᠪᠠᠯ ᠬᠠᠷᠠᠩ᠋ᠭᠤᠢ ᠵᠣᠪᠠᠯᠠᠩ ᠢ ᠬᠠᠷᠠᠨ᠎ᠠ ᠭᠡᠷᠡᠯ ᠡᠭᠦᠯᠡᠰ ᠲᠦ ᠳᠠᠯᠳᠠᠯᠠᠭᠳᠠᠨ᠎ᠠ᠃