ᠢᠰᠠᠢᠶ᠎ᠠ ᠲᠠᠪᠢᠨ ᠵᠢᠷᠭᠤᠭ᠎ᠠ
ᠬᠠᠷᠢᠴᠤᠳ ᠲᠤ ᠬᠦᠷᠬᠦ ᠠᠪᠤᠷᠠᠯ
1 ᠶᠣᠬᠣᠸᠠ ᠡᠢᠨ ᠬᠦ ᠠᠢᠯᠠᠳᠴᠤ ᠪᠠᠢᠨ᠎ᠠ᠄ 《ᠰᠢᠳᠤᠷᠭᠤ ᠶᠢ ᠰᠠᠬᠢᠨ᠂ ᠵᠥᠪ ᠢ ᠦᠢᠯᠡᠳᠴᠡᠭᠡ ᠤᠳᠠᠯ ᠦᠭᠡᠢ ᠮᠢᠨᠦ ᠠᠪᠤᠷᠠᠯ ᠢᠷᠡᠵᠦ ᠵᠥᠪᠲᠥᠭᠡᠯ ᠮᠢᠨᠢ ᠢᠯᠡᠷᠬᠡᠶᠢᠯᠡᠭᠳᠡᠨᠡ᠃
2 ᠠᠮᠠᠷᠠᠯ ᠤᠨ ᠡᠳᠦᠷ ᠢ ᠪᠤᠵᠠᠷᠯᠠᠯ ᠦᠭᠡᠢ ᠰᠠᠬᠢᠭᠴᠢ ᠠᠯᠢ ᠴᠤ ᠮᠠᠭᠤ ᠶᠢ ᠦᠢᠯᠡᠳᠬᠦ ᠡᠴᠡ ᠭᠠᠷ ᠢᠶᠠᠨ ᠲᠠᠲᠠᠭᠴᠢ ᠲᠡᠢᠨ ᠬᠦ ᠦᠢᠯᠡᠳᠦᠭᠴᠢ ᠬᠥᠮᠦᠨ᠂ ᠲᠡᠢᠨ ᠬᠦ ᠪᠠᠷᠢᠮᠲᠠᠯᠠᠭᠴᠢ ᠬᠥᠮᠦᠨ ᠦ ᠦᠷ᠎ᠡ ᠪᠤᠶᠠᠨ ᠲᠠᠢ᠃
3 ᠶᠣᠬᠣᠸᠠ ᠲᠠᠢ ᠨᠢᠭᠡᠳᠦᠭᠰᠡᠨ ᠬᠠᠷᠢ ᠬᠥᠮᠦᠨ᠄ 《ᠶᠣᠬᠣᠸᠠ ᠨᠠᠮᠠᠶᠢ ᠠᠷᠠᠳ ᠲᠦᠮᠡᠨ ᠡᠴᠡ ᠪᠡᠨ ᠯᠠᠪᠲᠠᠢ ᠰᠠᠯᠭᠠᠨ᠎ᠠ》 ᠭᠡᠵᠦ ᠪᠦᠦ ᠬᠡᠯᠡᠭ ᠲᠠᠢᠭᠠᠨ ᠬᠥᠮᠦᠨ᠄ 《ᠪᠢ ᠬᠤᠪᠠᠬᠠᠢᠷᠠᠭᠰᠠᠨ ᠮᠣᠳᠣ ᠪᠠᠢᠨ᠎ᠠ》 ᠭᠡᠵᠦ ᠪᠦᠦ ᠬᠡᠯᠡᠭ᠃
4 ᠤᠴᠢᠷ ᠨᠢ ᠶᠣᠬᠣᠸᠠ ᠡᠢᠨ ᠬᠦ ᠠᠢᠯᠠᠳᠴᠤ ᠪᠠᠢᠨ᠎ᠠ᠄ 《ᠠᠮᠠᠷᠠᠯ ᠤᠨ ᠡᠳᠦᠷ ᠢ ᠮᠢᠨᠢ ᠰᠠᠬᠢᠨ ᠲᠠᠭᠠᠯᠠᠯ ᠳᠤ ᠨᠡᠢᠴᠡᠭᠰᠡᠨ ᠢ ᠮᠢᠨᠢ ᠰᠣᠩ᠋ᠭᠣᠵᠤ ᠭᠡᠷ᠎ᠡ ᠶᠢ ᠮᠢᠨᠢ ᠪᠠᠷᠢᠮᠲᠠᠯᠠᠳᠠᠭ ᠲᠠᠢᠭᠠᠨ ᠬᠥᠮᠦᠰ ᠲᠦ
5 ᠪᠢ ᠥᠷᠭᠥᠭᠡᠨ ᠳᠣᠲᠣᠷ᠎ᠠ᠂ ᠬᠠᠨ᠎ᠠ ᠶᠢᠨ ᠢᠶᠠᠨ ᠳᠣᠲᠣᠷ᠎ᠠ᠂ ᠬᠥᠪᠡᠭᠦᠨ ᠥᠬᠢᠳ ᠤᠨ ᠬᠢ ᠡᠴᠡ ᠪᠡᠨ ᠴᠤ ᠰᠠᠢᠨ ᠳᠤᠷᠠᠰᠤᠮᠵᠢ ᠪᠠ ᠨᠡᠷ᠎ᠡ ᠶᠢ ᠥᠭᠭᠥᠨ᠎ᠡ᠃ ᠪᠢ ᠲᠡᠳᠡᠨ ᠳᠦ ᠮᠥᠬᠥᠰᠢ ᠦᠭᠡᠢ ᠮᠥᠩᠬᠡ ᠶᠢᠨ ᠨᠡᠷ᠎ᠡ ᠥᠭᠭᠥᠨ᠎ᠡ᠃
6 ᠶᠣᠬᠣᠸᠠ ᠲᠠᠢ ᠨᠢᠭᠡᠳᠦᠨ᠂ ᠲᠡᠭᠦᠨ ᠳᠦ ᠦᠢᠯᠡᠴᠢᠯᠡᠭᠴᠢ ᠶᠣᠬᠣᠸᠠ ᠶᠢᠨ ᠨᠡᠷ᠎ᠡ ᠶᠢ ᠬᠠᠢᠷᠠᠯᠠᠨ᠂ ᠲᠡᠭᠦᠨ ᠳᠦ ᠮᠥᠷᠭᠥᠭᠴᠢ ᠠᠮᠠᠷᠠᠯ ᠤᠨ ᠡᠳᠦᠷ ᠢ ᠪᠤᠵᠠᠷᠯᠠᠯ ᠦᠭᠡᠢ ᠰᠠᠬᠢᠨ ᠭᠡᠷ᠎ᠡ ᠶᠢ ᠮᠢᠨᠢ ᠪᠠᠷᠢᠮᠲᠠᠯᠠᠭᠴᠢ ᠬᠠᠷᠢ ᠬᠥᠮᠦᠨ ᠪᠦᠬᠦᠨ ᠢ
7 ᠪᠢ ᠲᠡᠳᠡᠨ ᠢ ᠠᠷᠢᠭᠤᠨ ᠠᠭᠤᠯᠠᠨ ᠳᠠᠭᠠᠨ ᠠᠪᠠᠴᠢᠨ ᠳᠠᠭᠠᠳᠬᠠᠯ ᠤᠨ ᠥᠷᠭᠥᠭᠡᠨ ᠳᠡᠭᠡᠨ ᠵᠢᠷᠭᠠᠭᠤᠯᠤᠨ᠎ᠠ᠂ ᠮᠢᠨᠦ ᠰᠢᠷᠡᠭᠡᠨ ᠳᠡᠭᠡᠷᠡᠬᠢ ᠲᠡᠳᠡᠨ ᠦ ᠰᠢᠲᠠᠭᠠᠯᠭᠠᠲᠤ ᠡᠷᠭᠦᠯ ᠬᠢᠭᠡᠳ ᠲᠠᠬᠢᠯ ᠢ ᠪᠢ ᠬᠦᠯᠢᠶᠡᠨ ᠠᠪᠤᠨ᠎ᠠ᠂ ᠲᠡᠢᠨ ᠬᠦ ᠮᠢᠨᠦ ᠥᠷᠭᠥᠭᠡ ᠪᠦᠬᠦ ᠦᠨᠳᠦᠰᠦᠲᠡᠨ ᠦ ᠳᠠᠭᠠᠳᠬᠠᠯ ᠤᠨ ᠥᠷᠭᠥᠭᠡ ᠭᠡᠵᠦ ᠨᠡᠷᠡᠯᠡᠭᠳᠡᠨ᠎ᠡ᠃
8 ᠢᠰᠷᠧᠯ ᠤᠨ ᠴᠥᠯᠡᠭᠳᠡᠭᠰᠡᠳ ᠢ ᠴᠤᠭᠯᠠᠭᠤᠯᠤᠭᠴᠢ ᠡᠵᠡᠨ ᠶᠣᠬᠣᠸᠠ ᠠᠢᠯᠠᠳᠴᠤ ᠪᠠᠢᠨ᠎ᠠ᠄ 《ᠪᠢ ᠴᠤᠭᠯᠠᠭᠤᠯᠤᠭᠰᠠᠨ ᠳᠡᠭᠡᠷ᠎ᠡ ᠪᠡᠨ ᠨᠡᠩ ᠣᠯᠠᠨ ᠢ ᠴᠤᠭᠯᠠᠭᠤᠯᠤᠨ᠎ᠠ᠃》
ᠵᠥᠪ ᠪᠤᠰᠤ ᠤᠳᠤᠷᠢᠳᠤᠭᠴᠢᠳ ᠵᠢᠮᠡᠯᠡᠭᠳᠡᠪᠡ
9 ᠬᠡᠭᠡᠷ᠎ᠡ ᠶᠢᠨ ᠠᠷᠢᠶᠠᠲᠠᠳ ᠡ᠂ ᠣᠢ ᠶᠢᠨ ᠠᠷᠢᠶᠠᠲᠠᠳ ᠡ᠂ ᠪᠦᠭᠦᠳᠡᠭᠡᠷ ᠢᠷᠡᠭᠡᠳ ᠢᠳᠡ᠃
10 ᠢᠰᠷᠧᠯ ᠤᠨ ᠬᠠᠷᠠᠭᠤᠯ ᠤᠳ ᠨᠢ ᠪᠦᠭᠦᠳᠡ ᠮᠡᠳᠡᠯᠭᠡ ᠦᠭᠡᠢ᠂ ᠰᠣᠬᠣᠷ ᠲᠡᠳᠡ ᠪᠦᠭᠦᠳᠡ ᠬᠤᠴᠠᠬᠤ ᠴᠢᠳᠠᠪᠤᠷᠢ ᠦᠭᠡᠢ ᠳᠠᠭᠤ ᠦᠭᠡᠢ ᠨᠣᠬᠠᠳ ᠬᠡᠪᠲᠡᠨ ᠤᠨᠲᠠᠬᠤ ᠳᠤᠷᠠᠲᠠᠢ ᠵᠡᠭᠦᠳᠦᠯᠡᠭᠴᠢᠳ
11 ᠴᠠᠳᠬᠤ ᠪᠠᠨ ᠮᠡᠳᠡᠳᠡᠭ ᠦᠭᠡᠢ ᠬᠣᠪᠳᠣᠭ ᠨᠣᠬᠠᠳ ᠤᠬᠠᠭᠠᠨ ᠮᠡᠳᠡᠯᠭᠡ ᠦᠭᠡᠢ ᠬᠣᠨᠢᠴᠢᠳ ᠲᠡᠳᠡ ᠪᠦᠭᠦᠳᠡ ᠥᠪᠡᠷ ᠥᠪᠡᠷᠰᠡᠳ ᠦᠨ ᠢᠶᠠᠨ ᠵᠠᠮ ᠤᠷᠤᠭᠤ ᠡᠷᠭᠢᠵᠦ ᠥᠪᠡᠷ ᠥᠪᠡᠷᠰᠡᠳ ᠦᠨ ᠢᠶᠠᠨ ᠣᠯᠵᠠ ᠶᠢ ᠬᠠᠢᠨ᠎ᠠ᠂
12 《ᠵᠠ᠂ ᠪᠢ ᠳᠠᠷᠠᠰᠤ ᠠᠪᠴᠢᠷᠠᠶ᠎ᠠ᠂ ᠪᠢᠳᠡ ᠬᠠᠮᠲᠤ ᠳᠠᠭᠠᠨ ᠠᠷᠢᠬᠢ ᠤᠤᠭᠤᠶ᠎ᠠ ᠮᠠᠷᠭᠠᠰᠢ ᠴᠤ ᠥᠨᠥᠳᠥᠷ ᠰᠢᠭ ᠪᠤᠶᠤ ᠪᠦᠷ ᠴᠤ ᠡᠯᠪᠡᠭ ᠪᠠᠢᠬᠤ ᠪᠣᠯᠣᠨ᠎ᠠ》 ᠭᠡᠯᠴᠡᠨ᠎ᠡ᠃