ᠢᠰᠠᠢᠶ᠎ᠠ ᠭᠤᠴᠢ
ᠶᠧᠵᠢᠫᠲ ᠤᠨ ᠬᠣᠯᠪᠣᠭᠠᠲᠠᠳ ᠢᠴᠢᠨ᠎ᠡ
1 ᠶᠣᠬᠣᠸᠠ ᠠᠢᠯᠠᠳᠴᠤ ᠪᠠᠢᠨ᠎ᠠ᠄ ᠥ᠂ ᠲᠡᠷᠰ ᠬᠡᠦᠬᠡᠳ ᠤᠳ ᠡ᠂ ᠲᠡᠳᠡ ᠨᠠᠮᠠᠶᠢ ᠦᠭᠡᠢ ᠪᠠᠷ ᠲᠥᠯᠥᠪᠯᠡᠭᠡ ᠵᠣᠬᠢᠶᠠᠵᠤ ᠮᠢᠨᠦ ᠰᠦᠨᠡᠰᠦ ᠦᠭᠡᠢ ᠪᠠᠷ ᠬᠣᠯᠪᠣᠭ᠎ᠠ ᠪᠠᠢᠭᠤᠯᠬᠤ ᠭᠡᠵᠦ ᠪᠠᠢᠨ᠎ᠠ ᠲᠡᠢᠨ ᠬᠦ ᠲᠡᠳᠡ ᠨᠢᠭᠦᠯ ᠳᠡᠭᠡᠷ᠎ᠡ ᠪᠡᠨ ᠨᠢᠭᠦᠯ ᠨᠡᠮᠡᠭᠰᠡᠭᠡᠷ
2 ᠹᠠᠷᠠᠣ᠋ ᠶᠢᠨ ᠬᠦᠴᠦ ᠪᠡᠷ ᠬᠦᠴᠦᠷᠬᠡᠭᠵᠢᠬᠦ ᠭᠡᠵᠦ ᠶᠧᠵᠢᠫᠲ ᠤᠨ ᠰᠡᠭᠦᠳᠡᠷ ᠲᠦ ᠬᠣᠷᠭᠣᠳᠠᠬᠤ ᠭᠡᠵᠦ ᠨᠠᠳᠠ ᠠᠴᠠ ᠠᠰᠠᠭᠤᠭ᠎ᠠ ᠦᠭᠡᠢ ᠪᠠᠷ ᠶᠧᠵᠢᠫᠲ ᠤᠷᠤᠭᠤ ᠶᠠᠪᠤᠭᠰᠠᠨ᠃
3 ᠭᠡᠪᠡᠴᠦ ᠹᠠᠷᠠᠣ᠋ ᠶᠢᠨ ᠬᠦᠴᠦ ᠨᠢ ᠲᠠ ᠨᠠᠷ ᠤᠨ ᠢᠴᠢᠭᠦᠷᠢ᠂ ᠶᠧᠵᠢᠫᠲ ᠤᠨ ᠰᠡᠭᠦᠳᠡᠷ ᠲᠦ ᠬᠣᠷᠭᠣᠳᠠᠬᠤ ᠨᠢ ᠲᠠ ᠨᠠᠷ ᠤᠨ ᠭᠤᠲᠤᠮᠰᠢᠭ ᠪᠣᠯᠣᠨ᠎ᠠ᠃
4 ᠨᠣᠶᠠᠳ ᠴᠢᠨᠢ ᠽᠣᠶᠠᠨ ᠳᠤ ᠪᠠᠢᠭᠰᠠᠨ ᠴᠤ ᠡᠯᠴᠢᠳ ᠴᠢᠨᠢ ᠬᠠᠨᠧᠰ ᠲᠤ ᠬᠦᠷᠦᠭᠰᠡᠨ ᠴᠤ
5 ᠲᠤᠰᠠ ᠪᠣᠯᠬᠤ ᠦᠭᠡᠢ ᠦᠨᠳᠦᠰᠦᠲᠡᠨ ᠡᠴᠡ ᠪᠣᠯᠵᠤ ᠲᠡᠳᠡ ᠪᠦᠭᠦᠳᠡ ᠢᠴᠢᠭᠦᠷᠢ ᠳᠤ ᠣᠷᠣᠨ᠎ᠠ᠃ ᠲᠡᠷᠡ ᠦᠨᠳᠦᠰᠦᠲᠡᠨ ᠲᠤᠰᠠ ᠪᠣᠯᠬᠤ ᠨᠢ ᠪᠠᠢᠲᠤᠭᠠᠢ᠂ ᠢᠴᠢᠭᠦᠷᠢ ᠪᠠ ᠰᠢᠪᠰᠢᠭ ᠪᠣᠯᠣᠨ᠎ᠠ᠃
6 ᠡᠮᠦᠨ᠎ᠡ ᠪᠦᠰᠡ ᠶᠢᠨ ᠠᠮᠢᠲᠠᠳ ᠤᠨ ᠲᠤᠬᠠᠢ ᠰᠡᠷᠡᠮᠵᠢᠯᠡᠭᠦᠯᠦᠯᠭᠡ᠃ ᠲᠡᠳᠡ ᠡᠳ᠋ ᠪᠠᠶᠠᠯᠢᠭ ᠢᠶᠠᠨ ᠡᠯᠵᠢᠭᠡᠨ ᠨᠢᠷᠤᠭᠤᠨ ᠳᠤ ᠡᠷᠳᠡᠨᠢᠰ ᠢᠶᠠᠨ ᠲᠡᠮᠡᠭᠡᠨ ᠦ ᠪᠦᠬᠦᠨ ᠳᠦ ᠠᠴᠢᠨ ᠡᠷ᠎ᠡ ᠠᠷᠰᠯᠠᠨ᠂ ᠡᠮ᠎ᠡ ᠠᠷᠰᠯᠠᠨ᠂ ᠬᠣᠣᠷᠲᠤ ᠮᠣᠭᠠᠢ᠂ ᠭᠠᠯᠲᠤ ᠮᠣᠭᠠᠢ ᠳᠠᠭᠠᠷᠢᠳᠠᠭ ᠵᠣᠪᠠᠯᠠᠩ ᠪᠡᠷᠬᠡ ᠲᠠᠢ ᠨᠤᠲᠤᠭ ᠢᠶᠠᠷ ᠥᠩᠭᠡᠷᠡᠨ ᠥᠪᠡᠷᠰᠡᠳ ᠲᠤᠨᠢ ᠲᠤᠰᠠ ᠪᠣᠯᠬᠤ ᠦᠭᠡᠢ ᠭᠦᠷᠦᠨ ᠤᠷᠤᠭᠤ ᠶᠠᠪᠤᠵᠤ ᠪᠠᠢᠨ᠎ᠠ᠃
7 ᠶᠧᠵᠢᠫᠲ ᠤᠨ ᠲᠤᠰᠠᠯᠠᠮᠵᠢ ᠨᠢ ᠳᠡᠮᠡᠢ ᠬᠣᠭᠣᠰᠣᠨ᠂ ᠲᠡᠢᠮᠦ ᠤᠴᠢᠷ ᠠᠴᠠ ᠪᠢ ᠲᠡᠭᠦᠨ ᠢ 《ᠰᠠᠭᠤᠭ᠎ᠠ ᠮᠠᠩ᠋ᠭᠤᠰ》 ᠭᠡᠵᠦ ᠨᠡᠷᠡᠯᠡᠭᠰᠡᠨ᠃
8 ᠣᠳᠣ ᠴᠢ ᠶᠠᠪᠤᠵᠤ ᠣᠯᠠᠨ ᠤ ᠡᠮᠦᠨ᠎ᠡ ᠡᠳᠡᠭᠡᠷ ᠢ ᠬᠠᠪᠲᠠᠰᠤᠨ ᠳᠡᠭᠡᠷ᠎ᠡ ᠲᠡᠮᠳᠡᠭᠯᠡᠨ ᠨᠣᠮ ᠳᠤ ᠪᠢᠴᠢᠵᠦ ᠢᠷᠡᠬᠦ ᠡᠳᠦᠷ ᠤᠳ ᠲᠤ ᠡᠭᠦᠨ ᠢ ᠡᠭᠦᠷᠢᠳᠡ ᠶᠢᠨ ᠭᠡᠷᠡᠴᠢ ᠪᠣᠯᠭ᠎ᠠ᠃
9 ᠲᠡᠳᠡ ᠪᠣᠯ ᠲᠡᠷᠰᠯᠡᠭᠦᠦ ᠠᠷᠠᠳ ᠲᠦᠮᠡᠨ᠂ ᠬᠤᠳᠠᠯᠴᠢ ᠬᠡᠦᠬᠡᠳ ᠤᠳ᠂ ᠶᠣᠬᠣᠸᠠ ᠶᠢᠨ ᠵᠢᠭᠠᠪᠤᠷᠢ ᠶᠢ ᠰᠣᠨᠣᠰᠬᠤ ᠳᠤᠷ᠎ᠠ ᠦᠭᠡᠢ ᠬᠡᠦᠬᠡᠳ ᠤᠳ ᠶᠤᠮ᠃
10 ᠲᠡᠳᠡ ᠪᠣᠱᠣᠭᠴᠢᠳ ᠲᠤ᠄ 《ᠦᠵᠡᠬᠦ ᠪᠡᠨ ᠪᠣᠯᠢ》 ᠭᠡᠵᠦ ᠡᠰᠢ ᠦᠵᠡᠭᠦᠯᠦᠭᠴᠢᠳ ᠲᠤ 《ᠦᠨᠡᠨ ᠢ ᠡᠰᠢ ᠦᠵᠡᠭᠦᠯᠬᠦ ᠪᠡᠨ ᠪᠣᠯᠢ ᠠᠶᠠᠲᠠᠢ ᠵᠦᠢᠯ ᠢ ᠶᠠᠷᠢᠵᠤ᠂ ᠬᠣᠭᠣᠰᠣᠨ ᠢ ᠡᠰᠢ ᠦᠵᠡᠭᠦᠯ᠃
11 ᠵᠢᠮ ᠡᠴᠡ ᠪᠡᠨ ᠡᠷᠭᠢᠵᠦ᠂ ᠵᠠᠮ ᠠᠴᠠ ᠪᠠᠨ ᠵᠠᠢᠯᠠ ᠪᠢᠳᠡᠨ ᠦ ᠡᠮᠦᠨ᠎ᠡ ᠢᠰᠷᠧᠯ ᠤᠨ ᠠᠷᠢᠭᠤᠨ ᠨᠢᠭᠡᠨ ᠦ ᠲᠤᠬᠠᠢ ᠶᠠᠷᠢᠬᠤ ᠪᠠᠨ ᠪᠣᠯᠢ》 ᠭᠡᠳᠡᠭ᠃
12 ᠡᠢᠮᠦ ᠡᠴᠡ ᠢᠰᠷᠧᠯ ᠤᠨ ᠠᠷᠢᠭᠤᠨ ᠨᠢᠭᠡᠨ ᠡᠢᠨ ᠬᠦ ᠠᠢᠯᠠᠳᠴᠤ ᠪᠠᠢᠨ᠎ᠠ᠄ 《ᠲᠠ ᠨᠠᠷ ᠲᠡᠷᠡ ᠦᠭᠡ ᠶᠢ ᠣᠭᠣᠷᠴᠤ ᠬᠦᠴᠦᠷᠬᠡᠭᠯᠡᠯ ᠪᠣᠯᠣᠨ ᠭᠠᠵᠢᠭᠤ ᠳᠤ ᠢᠲᠡᠭᠡᠨ ᠲᠦᠰᠢᠳᠡᠭ ᠤᠴᠢᠷ ᠠᠴᠠ
13 ᠡᠨᠡ ᠬᠦ ᠭᠡᠮ ᠴᠢᠨᠢ ᠲᠠ ᠨᠠᠷ ᠲᠤ ᠥᠨᠳᠥᠷ ᠬᠡᠷᠡᠮ ᠦᠨ ᠴᠣᠭᠣᠷᠣᠬᠠᠢ ᠲᠠᠢ ᠠᠳᠠᠯᠢ ᠪᠣᠯᠣᠨ᠎ᠠ ᠴᠣᠭᠣᠷᠣᠬᠠᠢ ᠨᠢ ᠶᠡᠬᠡᠰᠦᠨ ᠶᠡᠬᠡᠰᠦᠭᠰᠡᠭᠡᠷ ᠬᠡᠷᠡᠮ ᠬᠡᠪ ᠭᠡᠨᠡᠳᠲᠡᠬᠡᠨ ᠨᠤᠷᠠᠨ᠎ᠠ
14 ᠸᠠᠭᠠᠷᠴᠢᠨ ᠸᠠᠭᠠᠷ ᠰᠠᠪᠠ ᠶᠢ ᠬᠠᠭᠠᠯᠬᠤ ᠮᠡᠲᠦ ᠲᠡᠷᠡ ᠬᠠᠭᠠᠯᠤᠨ᠎ᠠ ᠲᠡᠷᠡ ᠲᠡᠭᠦᠨ ᠢ ᠬᠠᠢᠷᠠᠯᠠᠬᠤ ᠦᠭᠡᠢ ᠵᠤᠤᠬᠠᠨ ᠠᠴᠠ ᠴᠤᠭ ᠠᠪᠬᠤ᠂ ᠨᠥᠭᠡᠴᠡᠯᠡᠭᠦᠷ ᠡᠴᠡ ᠤᠰᠤ ᠤᠳᠬᠤᠬᠤ ᠬᠡᠯᠲᠡᠷᠬᠡᠢ ᠴᠤ ᠣᠯᠳᠠᠬᠤ ᠦᠭᠡᠢ ᠪᠣᠯᠲᠠᠯ᠎ᠠ ᠨᠢ ᠬᠠᠭᠠᠯᠤᠨ᠎ᠠ᠃》
15 ᠡᠵᠡᠨ ᠶᠣᠬᠣᠸᠠ᠂ ᠢᠰᠷᠧᠯ ᠤᠨ ᠠᠷᠢᠭᠤᠨ ᠨᠢᠭᠡᠨ ᠠᠢᠯᠠᠳᠴᠤ᠄ 《ᠭᠡᠮᠰᠢᠯ ᠪᠣᠯᠣᠨ ᠠᠮᠠᠷᠠᠯ ᠳᠤ ᠠᠪᠤᠷᠠᠯ ᠪᠤᠢ ᠨᠠᠮ ᠭᠦᠮ ᠢᠲᠡᠭᠡᠯ ᠳᠦ ᠬᠦᠴᠦ ᠪᠤᠢ》 ᠭᠡᠰᠡᠨ ᠪᠣᠯᠪᠠᠴᠤ ᠲᠠ ᠨᠠᠷ ᠬᠦᠰᠡᠭᠡ ᠦᠭᠡᠢ᠂
16 ᠬᠠᠷᠢᠨ 《ᠦᠭᠡᠢ᠂ ᠪᠢᠳᠡ ᠮᠣᠷᠢ ᠪᠠᠷ ᠵᠢᠭᠤᠲᠠᠨ᠎ᠠ》 ᠭᠡᠰᠡᠨ ᠲᠤᠯᠠ ᠲᠠ ᠨᠠᠷ ᠲᠡᠢᠨ ᠬᠦ ᠵᠢᠭᠤᠲᠠᠬᠤ ᠪᠣᠯᠣᠨ᠎ᠠ᠂ 《ᠬᠤᠷᠳᠤᠨ ᠬᠦᠯᠦᠭ ᠢᠶᠡᠨ ᠤᠨᠤᠶ᠎ᠠ》 ᠭᠡᠰᠡᠨ ᠲᠤᠯᠠ ᠲᠠ ᠨᠠᠷ ᠢ ᠮᠥᠷᠳᠡᠭᠴᠢᠳ ᠬᠤᠷᠳᠤᠯᠠᠬᠤ ᠪᠣᠯᠣᠨ᠎ᠠ᠂
17 ᠨᠢᠭᠡ ᠬᠥᠮᠦᠨ ᠦ ᠰᠦᠷᠳᠡᠭᠦᠯᠦᠯᠭᠡ ᠪᠡᠷ ᠮᠢᠩ᠋ᠭᠠᠨ ᠬᠥᠮᠦᠨ ᠴᠢᠨᠢ ᠵᠢᠭᠤᠲᠠᠵᠤ ᠲᠠᠪᠤᠨ ᠬᠥᠮᠦᠨ ᠦ ᠰᠦᠷᠳᠡᠭᠦᠯᠦᠯᠭᠡ ᠪᠡᠷ ᠲᠠ ᠪᠦᠭᠦᠳᠡ ᠵᠢᠭᠤᠲᠠᠬᠤ ᠪᠠᠷ ᠦᠯᠡᠳᠡᠭᠰᠡᠳ ᠴᠢᠨᠢ ᠲᠣᠯᠣᠭᠠᠳ ᠤᠨ ᠣᠷᠣᠢ ᠳᠡᠭᠡᠷᠡᠬᠢ ᠲᠤᠭ ᠤᠨ ᠡᠰᠢ ᠳᠣᠪᠣ ᠳᠡᠭᠡᠷᠡᠬᠢ ᠳᠠᠯᠪᠠᠭ᠎ᠠ ᠮᠡᠲᠦ ᠪᠣᠯᠣᠨ᠎ᠠ᠃
18 ᠭᠡᠪᠡᠴᠦ ᠶᠣᠬᠣᠸᠠ ᠲᠠ ᠨᠠᠷ ᠲᠤ ᠡᠨᠡᠷᠢᠯ ᠦᠵᠡᠭᠦᠯᠬᠦ ᠪᠡᠷ ᠬᠦᠯᠢᠶᠡᠵᠦ ᠪᠠᠢᠨ᠎ᠠ ᠲᠠ ᠨᠠᠷ ᠲᠤ ᠥᠷᠥᠰᠢᠶᠡᠯ ᠦᠵᠡᠭᠦᠯᠬᠦ ᠪᠡᠷ ᠪᠣᠰᠴᠤ ᠪᠠᠢᠨ᠎ᠠ ᠶᠣᠬᠣᠸᠠ ᠪᠣᠯ ᠭᠣᠣᠯᠴᠢ ᠪᠤᠷᠬᠠᠨ᠂ ᠲᠡᠭᠦᠨ ᠢ ᠬᠦᠯᠢᠶᠡᠭᠴᠢ ᠪᠦᠭᠦᠳᠡ ᠪᠤᠶᠠᠨ ᠲᠠᠢ︕
19 ᠶᠧᠷᠦ᠋ᠰᠠᠯᠧᠮ ᠳᠤ ᠰᠠᠭᠤᠳᠠᠭ ᠽᠢᠶᠣᠨ ᠤ ᠠᠷᠠᠳ ᠲᠦᠮᠡᠨ ᠡ᠂ ᠲᠠᠨ ᠤ ᠬᠢᠨ ᠯᠠᠪᠲᠠᠢ ᠤᠬᠢᠯᠠᠬᠤ ᠪᠠᠨ ᠪᠣᠯᠢᠨ᠎ᠠ᠃ ᠲᠠ ᠨᠠᠷ ᠬᠠᠰᠬᠢᠷᠪᠠᠯ ᠲᠡᠷᠡ ᠯᠠᠪᠲᠠᠢ ᠡᠨᠡᠷᠢᠩᠭᠦᠢ ᠬᠠᠨᠳᠤᠨ᠎ᠠ ᠲᠡᠷᠡ ᠰᠣᠨᠣᠰᠣᠮᠠᠭᠴᠠ ᠪᠠᠨ ᠲᠠ ᠨᠠᠷ ᠲᠤ ᠬᠠᠷᠢᠭᠤᠯᠤᠨ᠎ᠠ᠃
20 ᠡᠵᠡᠨ ᠲᠠ ᠨᠠᠷ ᠲᠤ ᠵᠣᠪᠠᠯᠠᠩ ᠤᠨ ᠪᠣᠣᠪᠣ᠂ ᠭᠠᠰᠠᠯᠠᠩ ᠤᠨ ᠤᠰᠤ ᠥᠭᠬᠦ ᠪᠣᠯᠪᠠᠴᠤ᠂ ᠪᠠᠭᠰᠢ ᠨᠠᠷ ᠴᠢᠨᠢ ᠳᠠᠬᠢᠨ ᠨᠢᠭᠤᠭᠳᠠᠬᠤ ᠦᠭᠡᠢ᠂ ᠲᠠ ᠨᠠᠷ ᠪᠠᠭᠰᠢ ᠨᠠᠷ ᠢᠶᠠᠨ ᠨᠢᠳᠦ ᠪᠡᠷ ᠢᠶᠠᠨ ᠬᠠᠷᠠᠬᠤ ᠪᠣᠯᠣᠨ᠎ᠠ᠃ 21 ᠪᠠᠷᠠᠭᠤᠨ ᠲᠡᠰᠢ ᠪᠠᠨ᠂ ᠵᠡᠭᠦᠨ ᠲᠡᠰᠢ ᠪᠠᠨ ᠬᠠᠵᠠᠢᠪᠠᠯ ᠠᠷᠤ ᠳᠤ ᠴᠢᠨᠢ 《ᠵᠠᠮ ᠴᠢᠨᠢ ᠡᠨᠡ᠂ ᠡᠨᠡᠭᠦᠷ ᠶᠠᠪᠤ》 ᠭᠡᠬᠦ ᠳᠠᠭᠤ ᠲᠠ ᠨᠠᠷ ᠤᠨ ᠴᠢᠬᠢᠨ ᠳᠤ ᠰᠣᠨᠣᠰᠳᠠᠨ᠎ᠠ᠃ 22 ᠲᠠ ᠨᠠᠷ ᠮᠥᠩᠭᠥ ᠪᠡᠷ ᠪᠦᠷᠢᠭᠰᠡᠨ ᠬᠥᠷᠥᠭ ᠤᠳ᠂ ᠠᠯᠲᠠ ᠪᠠᠷ ᠴᠢᠳᠬᠤᠭᠰᠠᠨ ᠰᠢᠲᠦᠭᠡᠨ ᠨᠦᠭᠦᠳ ᠢᠶᠡᠨ ᠵᠢᠭ᠍ᠰᠢᠨ᠂ ᠰᠠᠷ᠎ᠠ ᠶᠢᠨ ᠲᠡᠮᠳᠡᠭ ᠦᠨ ᠪᠥᠰ ᠢ ᠬᠠᠶᠠᠬᠤ ᠮᠡᠲᠦ᠂ 《ᠲᠣᠨᠢᠯ》 ᠭᠡᠳ ᠲᠡᠳᠡᠭᠡᠷ ᠢ ᠬᠠᠶᠠᠨ᠎ᠠ᠃
23 ᠲᠡᠭᠡᠭᠡᠳ ᠶᠣᠬᠣᠸᠠ ᠲᠠᠯᠠᠪᠠᠢ ᠳᠤ ᠰᠠᠴᠤᠭᠰᠠᠨ ᠦᠷ᠎ᠡ ᠶᠢᠨ ᠴᠢᠨᠢ ᠲᠥᠯᠥᠭᠡ ᠪᠣᠷᠣᠭᠠᠨ ᠣᠷᠣᠭᠤᠯᠵᠤ᠂ ᠲᠠᠯᠠᠪᠠᠢ ᠶᠢᠨ ᠭᠠᠷᠤᠯᠲᠠ ᠬᠦᠨᠡᠰᠦ ᠴᠢᠨᠢ ᠡᠯᠪᠡᠭ ᠳᠡᠯᠪᠡᠭ ᠪᠣᠯᠣᠨ᠎ᠠ᠂ ᠲᠡᠷᠡ ᠡᠳᠦᠷ ᠮᠠᠯ ᠰᠦᠷᠦᠭ ᠴᠢᠨᠢ ᠠᠭᠤᠳᠠᠮ ᠪᠡᠯᠴᠢᠭᠡᠷ ᠲᠦ ᠢᠳᠡᠰᠢᠯᠡᠵᠦ᠂ 24 ᠲᠠᠯᠠᠪᠠᠢ ᠳᠤ ᠬᠡᠷᠡᠭᠯᠡᠳᠡᠭ ᠱᠠᠷ᠂ ᠡᠯᠵᠢᠭᠡ ᠴᠢᠨᠢ ᠤᠳᠬᠤᠭᠤᠷ ᠪᠠ ᠠᠴᠠ ᠪᠠᠷ ᠰᠢᠭ᠍ᠰᠢᠭᠰᠡᠨ ᠠᠮᠲᠠᠲᠤ ᠲᠡᠵᠢᠭᠡᠯ ᠢᠳᠡᠨ᠎ᠡ᠃ 25 ᠴᠠᠮᠬᠠᠭ ᠤᠳ ᠨᠤᠷᠠᠬᠤ ᠶᠡᠬᠡ ᠠᠯᠠᠯᠭ᠎ᠠ ᠶᠢᠨ ᠡᠳᠦᠷ ᠰᠦᠷᠯᠢᠭ ᠠᠭᠤᠯᠠ᠂ ᠥᠨᠳᠥᠷ ᠲᠣᠯᠣᠭᠠᠳ ᠪᠣᠯᠭᠠᠨ ᠳᠡᠭᠡᠷ᠎ᠡ ᠭᠣᠣᠯ ᠭᠣᠷᠣᠬ᠎ᠠ ᠤᠷᠤᠰᠤᠨ᠎ᠠ᠃ 26 ᠶᠣᠬᠣᠸᠠ ᠠᠷᠠᠳ ᠲᠦᠮᠡᠨ ᠦ ᠪᠠᠨ ᠪᠡᠷᠲᠡᠯᠲᠡ ᠶᠢ ᠪᠣᠭᠣᠵᠤ᠂ ᠴᠣᠬᠢᠭᠳᠠᠭᠰᠠᠨ ᠰᠢᠷᠬ᠎ᠠ ᠶᠢ ᠨᠢ ᠡᠳᠡᠭᠡᠭᠡᠬᠦ ᠡᠳᠦᠷ ᠲᠦ ᠰᠠᠷᠠᠨ ᠤ ᠭᠡᠷᠡᠯ ᠨᠢ ᠨᠠᠷᠠᠨ ᠤ ᠭᠡᠷᠡᠯ ᠮᠡᠲᠦ᠂ ᠨᠠᠷᠠᠨ ᠤ ᠭᠡᠷᠡᠯ ᠨᠢ ᠳᠣᠯᠣᠭᠠᠨ ᠡᠳᠦᠷ ᠦᠨ ᠭᠡᠷᠡᠯ ᠮᠡᠲᠦ ᠳᠣᠯᠣᠭᠠᠨ ᠳᠠᠬᠢᠨ ᠬᠤᠷᠴᠠ ᠪᠣᠯᠣᠨ᠎ᠠ᠃
27 ᠬᠠᠷ᠎ᠠ᠂ ᠠᠯᠤᠰ ᠬᠣᠯᠠ ᠠᠴᠠ ᠶᠣᠬᠣᠸᠠ ᠶᠢᠨ ᠨᠡᠷ᠎ᠡ ᠠᠢᠰᠤᠢ᠂ ᠠᠭᠤᠷ ᠨᠢ ᠳᠦᠷᠡᠯᠵᠡᠵᠦ ᠤᠲᠤᠭ᠎ᠠ ᠨᠢ ᠥᠳᠬᠡᠷᠡᠵᠦ ᠣᠷᠣᠭᠤᠯ ᠨᠢ ᠬᠢᠯᠢᠩ ᠢᠶᠠᠷ ᠳᠦᠭᠦᠷᠦᠨ ᠬᠡᠯᠡ ᠨᠢ ᠰᠥᠨᠥᠭᠡᠭᠴᠢ ᠭᠠᠯ ᠲᠠᠢ ᠠᠳᠠᠯᠢ ᠪᠠᠢᠵᠤ
28 ᠠᠮᠢᠰᠬᠤᠯ ᠨᠢ ᠬᠦᠵᠦᠭᠦᠨ ᠳᠦ ᠲᠤᠯᠤᠭᠰᠠᠨ ᠦᠶᠡᠷ ᠦᠨ ᠤᠷᠤᠰᠬᠠᠯ ᠮᠡᠲᠦ ᠪᠠᠢᠨ᠎ᠠ᠂ ᠲᠡᠷᠡ ᠬᠣᠭᠣᠰᠣᠷᠠᠯ ᠤᠨ ᠰᠢᠭᠰᠢᠭᠦᠷ ᠢᠶᠡᠷ ᠦᠨᠳᠦᠰᠦᠲᠡᠨ ᠨᠦᠭᠦᠳ ᠢ ᠰᠢᠭᠰᠢᠵᠦ ᠲᠥᠭᠡᠷᠢᠭᠦᠯᠬᠦ ᠬᠠᠵᠠᠭᠠᠷ ᠢ ᠶᠠᠰᠤᠲᠠᠨ ᠨᠤᠭᠤᠳ ᠤᠨ ᠠᠮᠠᠨ ᠳᠤ ᠬᠢᠨ᠎ᠡ᠃
29 ᠠᠷᠢᠭᠤᠨ ᠭᠡᠭᠳᠡᠭᠰᠡᠨ ᠪᠠᠶᠠᠷ ᠤᠨ ᠰᠥᠨᠢ ᠮᠡᠲᠦ ᠲᠠ ᠨᠠᠷ ᠳᠠᠭᠤᠤ ᠳᠠᠭᠤᠯᠠᠵᠤ᠂ ᠪᠢᠰᠬᠢᠭᠦᠷ ᠦᠨ ᠳᠠᠭᠤᠨ ᠢᠶᠠᠷ ᠶᠣᠬᠣᠸᠠ ᠶᠢᠨ ᠠᠭᠤᠯᠠ᠂ ᠢᠰᠷᠧᠯ ᠤᠨ ᠬᠠᠳᠠ ᠤᠷᠤᠭᠤ ᠠᠯᠬᠤᠭᠴᠢ ᠮᠡᠲᠦ ᠰᠡᠳᠬᠢᠯ ᠴᠢᠨᠢ ᠪᠠᠶᠠᠰᠤᠨ᠎ᠠ᠃
30 ᠶᠣᠬᠣᠸᠠ ᠬᠦᠴᠦᠲᠦ ᠳᠠᠭᠤ ᠪᠠᠨ ᠰᠣᠨᠣᠰᠬᠠᠵᠤ ᠰᠢᠷᠦᠭᠦᠨ ᠠᠭᠤᠷ᠂ ᠰᠥᠨᠥᠭᠡᠭᠴᠢ ᠭᠠᠯ ᠤᠨ ᠳᠥᠯᠥ ᠪᠡᠷ ᠰᠢᠭᠤᠷᠭ᠎ᠠ᠂ ᠠᠭᠠᠳᠠᠷ ᠪᠣᠯᠣᠨ ᠮᠥᠨᠳᠥᠷ ᠲᠡᠢ ᠬᠠᠮᠲᠤ ᠪᠠᠭᠤᠬᠤ ᠮᠤᠲᠤᠷ ᠢᠶᠠᠨ ᠦᠵᠡᠭᠦᠯᠦᠨ᠎ᠡ᠃
31 ᠶᠣᠬᠣᠸᠠ ᠶᠢᠨ ᠳᠠᠭᠤ ᠠᠰᠢᠷᠢᠶ᠎ᠠ ᠶᠢ ᠰᠦᠷᠳᠡᠭᠦᠯᠦᠨ᠎ᠡ ᠲᠡᠷᠡ ᠲᠡᠭᠦᠨ ᠢ ᠲᠠᠶᠠᠭ ᠢᠶᠠᠷ ᠴᠣᠬᠢᠨ᠎ᠠ᠃
32 ᠶᠣᠬᠣᠸᠠ ᠰᠢᠳᠬᠡᠯ ᠦᠨ ᠰᠢᠳᠠᠮ ᠢᠶᠠᠨ ᠪᠠᠭᠤᠯᠭᠠᠬᠤ ᠪᠣᠯᠭᠠᠨ ᠳᠤ ᠬᠡᠩᠭᠡᠷᠭᠡ ᠪᠠ ᠶᠠᠲᠤᠭ᠎ᠠ ᠶᠢᠨ ᠳᠠᠭᠤ ᠭᠠᠷᠤᠨ᠎ᠠ ᠳᠠᠢᠨ ᠳᠤ ᠲᠡᠷᠡ ᠮᠤᠲᠤᠷ ᠢᠶᠠᠨ ᠳᠠᠯᠠᠢᠨ᠂ ᠲᠡᠳᠡᠨ ᠲᠡᠢ ᠳᠠᠢᠲᠤᠨ᠎ᠠ᠃
33 ᠰᠢᠲᠠᠭᠠᠯᠭ᠎ᠠ ᠶᠢᠨ ᠭᠠᠵᠠᠷ ᠨᠢ ᠡᠷᠲᠡᠨ ᠡᠴᠡ ᠵᠡᠬᠡᠭᠳᠡᠵᠡᠢ ᠬᠠᠭᠠᠨ ᠳᠤᠨᠢ ᠭᠠᠯ ᠪᠣᠯᠣᠨ ᠠᠷᠪᠢᠨ ᠲᠦᠯᠡᠭᠡ ᠲᠠᠢ ᠬᠠᠮᠲᠤ ᠭᠦᠨ ᠥᠷᠭᠡᠨ ᠨᠦᠬᠡ ᠪᠡᠯᠡᠳᠬᠡᠭᠳᠡᠵᠡᠢ ᠬᠦᠬᠦᠷ ᠦᠨ ᠭᠠᠯᠲᠤ ᠤᠷᠤᠰᠬᠠᠯ ᠮᠡᠲᠦ ᠶᠣᠬᠣᠸᠠ ᠶᠢᠨ ᠠᠮᠢᠰᠬᠤᠯ ᠲᠡᠭᠦᠨ ᠢ ᠨᠣᠴᠣᠭᠠᠨ᠎ᠠ᠃