ᠬᠣᠶᠠᠳᠤᠭᠠᠷ ᠲᠧᠰᠠᠯᠦ᠋ᠨᠢᠺ ᠭᠤᠷᠪᠠ
ᠳᠠᠭᠠᠳᠬᠠᠭᠲᠤᠨ᠂ ᠠᠵᠢᠯᠯᠠᠭᠲᠤᠨ
1 ᠨᠡᠮᠡᠵᠦ ᠬᠡᠯᠡᠶ᠎ᠡ᠂ ᠠᠬ᠎ᠠ ᠳᠡᠭᠦᠦ ᠨᠠᠷ ᠡ᠂ ᠪᠢᠳᠡᠨ ᠦ ᠲᠥᠯᠥᠭᠡ ᠳᠠᠭᠠᠳᠬᠠᠭᠠᠷᠠᠢ᠃ ᠡᠵᠡᠨ ᠦ ᠦᠭᠡ ᠲᠠᠨ ᠤ ᠲᠡᠨᠳᠡᠬᠢ ᠰᠢᠭ ᠦᠳᠲᠡᠷ ᠲᠦᠷᠭᠡᠨ ᠳᠡᠯᠭᠡᠷᠡᠵᠦ ᠠᠯᠳᠠᠷᠰᠢᠭᠠᠰᠠᠢ᠂ 2 ᠪᠢᠳᠡᠨ ᠢ ᠶᠣᠰᠣ ᠦᠭᠡᠢ ᠮᠠᠭᠤ ᠬᠥᠮᠦᠰ ᠡᠴᠡ ᠭᠡᠲᠦᠯᠭᠡᠭᠳᠡᠭᠡᠰᠡᠢ ᠭᠡᠵᠦ ᠭᠤᠶᠤ᠃ ᠤᠴᠢᠷ ᠨᠢ᠂ ᠢᠲᠡᠭᠡᠯ ᠬᠥᠮᠦᠨ ᠪᠣᠯᠭᠠᠨ ᠳᠤ ᠪᠠᠢᠳᠠᠭ ᠪᠢᠰᠢ ᠶᠤᠮ᠃ 3 ᠬᠠᠷᠢᠨ ᠡᠵᠡᠨ ᠪᠣᠯ ᠢᠲᠡᠭᠡᠮᠵᠢᠲᠠᠢ᠂ ᠲᠡᠷᠡ ᠲᠠ ᠨᠠᠷ ᠢ ᠪᠡᠬᠢᠵᠢᠭᠦᠯᠦᠨ᠂ ᠮᠠᠭᠤ ᠨᠢᠭᠡᠨ ᠡᠴᠡ ᠬᠠᠮᠠᠭᠠᠯᠠᠨ᠎ᠠ᠃ 4 ᠪᠢᠳᠡᠨ ᠦ ᠵᠠᠬᠢᠭᠰᠠᠨ ᠢ ᠲᠠ ᠨᠠᠷ ᠪᠡᠶᠡᠯᠡᠭᠦᠯᠵᠦ ᠪᠠᠢᠭ᠎ᠠ᠂ ᠪᠡᠶᠡᠯᠡᠭᠦᠯᠬᠦ ᠪᠣᠯᠣᠨ᠎ᠠ ᠭᠡᠳᠡᠭ ᠲᠦ ᠪᠢᠳᠡ ᠡᠵᠡᠨ ᠦ ᠳᠣᠲᠣᠷ᠎ᠠ ᠢᠲᠡᠭᠡᠯ ᠲᠡᠢ ᠪᠠᠢᠨ᠎ᠠ᠃
5 ᠡᠵᠡᠨ ᠲᠠ ᠨᠠᠷ ᠤᠨ ᠵᠢᠷᠦᠬᠡ ᠶᠢ ᠪᠤᠷᠬᠠᠨ ᠤ ᠬᠠᠢᠷ᠎ᠠ ᠪᠠ ᠾᠷᠢᠰᠲ᠋ᠣᠰ ᠤᠨ ᠲᠡᠪᠴᠢᠶᠡᠷᠢ ᠤᠷᠤᠭᠤ ᠬᠠᠨᠳᠤᠭᠤᠯᠬᠤ ᠪᠣᠯᠲᠤᠭᠠᠢ᠃ 6 ᠠᠬ᠎ᠠ ᠳᠡᠭᠦᠦ ᠨᠠᠷ ᠡ᠂ ᠪᠢᠳᠡᠨ ᠦ ᠡᠵᠡᠨ ᠢᠰᠦ᠋ᠰ ᠾᠷᠢᠰᠲ᠋ᠣᠰ ᠤᠨ ᠨᠡᠷ᠎ᠡ ᠪᠡᠷ ᠲᠠ ᠨᠠᠷ ᠲᠤ ᠵᠠᠬᠢᠶ᠎ᠠ᠃ ᠪᠦᠲᠦᠯ ᠦᠭᠡᠢ ᠠᠮᠢᠳᠤᠷᠠᠳᠠᠭ᠂ ᠪᠢᠳᠡᠨ ᠡᠴᠡ ᠠᠪᠤᠭᠰᠠᠨ ᠤᠯᠠᠮᠵᠢᠯᠠᠯ ᠢ ᠳᠠᠭᠠᠳᠠᠭ ᠦᠭᠡᠢ ᠠᠯᠢᠪᠠ ᠠᠬ᠎ᠠ ᠳᠡᠭᠦᠦ ᠡᠴᠡ ᠬᠣᠯᠠᠳᠠᠵᠠᠭᠠ᠃ 7 ᠪᠢᠳᠡᠨ ᠢ ᠬᠡᠷᠬᠢᠨ ᠳᠠᠭᠤᠷᠢᠶᠠᠬᠤ ᠶᠣᠰᠣᠲᠠᠢ ᠶᠢ ᠲᠠ ᠨᠠᠷ ᠥᠪᠡᠷᠰᠡᠳ ᠢᠶᠡᠨ ᠮᠡᠳᠡᠨ᠎ᠡ᠃ ᠪᠢᠳᠡ ᠲᠠ ᠨᠠᠷ ᠤᠨ ᠳᠤᠮᠳᠠ ᠪᠠᠢᠬᠤ ᠳᠠᠭᠠᠨ ᠪᠦᠲᠦᠯ ᠦᠭᠡᠢ ᠪᠠᠢᠳᠠᠯ ᠭᠠᠷᠭᠠᠭᠰᠠᠨ ᠦᠭᠡᠢ᠃ 8 ᠬᠡᠨ ᠦ ᠴᠤ ᠬᠣᠭᠣᠯᠠ ᠶᠢ ᠦᠨ᠎ᠡ ᠦᠭᠡᠢ ᠪᠠᠷ ᠢᠳᠡᠭᠰᠡᠨ ᠦᠭᠡᠢ᠂ ᠬᠠᠷᠢᠨ ᠲᠠ ᠨᠠᠷ ᠤᠨ ᠬᠡᠨ ᠨᠢᠭᠡᠨ ᠳᠦᠨᠢ ᠳᠠᠷᠤᠭᠠᠰᠤ ᠪᠣᠯᠬᠤ ᠦᠭᠡᠢ ᠶᠢᠨ ᠲᠤᠯᠠᠳᠠ ᠡᠳᠦᠷ ᠰᠥᠨᠢ ᠦᠭᠡᠢ᠂ ᠶᠠᠳᠠᠷᠠᠵᠤ ᠵᠦᠳᠡᠷᠡᠨ ᠠᠵᠢᠯᠯᠠᠳᠠᠭ ᠪᠠᠢᠯ᠎ᠠ᠃ 9 ᠪᠢᠳᠡᠨ ᠳᠦ ᠡᠷᠬᠡ ᠮᠡᠳᠡᠯ ᠪᠠᠢᠬᠤ ᠦᠭᠡᠢ ᠳᠡᠭᠡᠨ ᠪᠢᠰᠢ᠂ ᠬᠠᠷᠢᠨ ᠲᠠ ᠨᠠᠷ ᠲᠤ ᠵᠢᠱᠢᠶ᠎ᠡ ᠦᠵᠡᠭᠦᠯᠦᠨ ᠪᠢᠳᠡᠨ ᠢ ᠳᠠᠭᠤᠷᠢᠶᠠᠯᠭᠠᠬᠤ ᠭᠡᠰᠡᠨ ᠳᠡᠭᠡᠨ ᠲᠡᠭᠡᠭᠰᠡᠨ ᠶᠤᠮ᠃ 10 ᠪᠢᠳᠡ ᠲᠠ ᠨᠠᠷ ᠲᠠᠢ ᠬᠠᠮᠲᠤ ᠪᠠᠢᠬᠤ ᠳᠠᠭᠠᠨ᠄ 《ᠬᠡᠨ ᠬᠡᠷᠪᠡ ᠠᠵᠢᠯᠯᠠᠬᠤ ᠳᠤᠷ᠎ᠠ ᠦᠭᠡᠢ ᠪᠣᠯ ᠪᠦᠦ ᠢᠳᠡ》 ᠭᠡᠵᠦ ᠵᠠᠬᠢᠳᠠᠭ ᠪᠠᠢᠭᠰᠠᠨ᠃ 11 ᠬᠠᠷᠢᠨ ᠲᠠ ᠨᠠᠷ ᠤᠨ ᠵᠠᠷᠢᠮ ᠨᠢ ᠪᠦᠲᠦᠯ ᠦᠭᠡᠢ ᠠᠮᠢᠳᠤᠷᠠᠳᠠᠭ᠂ ᠬᠢᠬᠦ ᠪᠡᠨ ᠬᠢᠬᠦ ᠦᠭᠡᠢ᠂ ᠬᠥᠨᠳᠡᠯᠡᠨ ᠦ ᠬᠡᠷᠡᠭ ᠲᠦ ᠣᠷᠣᠯᠴᠠᠳᠠᠭ ᠭᠡᠵᠦ ᠪᠢᠳᠡ ᠰᠣᠨᠣᠰᠴᠤ ᠪᠠᠢᠨ᠎ᠠ᠃ 12 ᠡᠳᠡᠭᠡᠷ ᠬᠥᠮᠦᠰ ᠲᠦ ᠡᠵᠡᠨ ᠢᠰᠦ᠋ᠰ ᠾᠷᠢᠰᠲ᠋ᠣᠰ ᠤᠨ ᠳᠣᠲᠣᠷ᠎ᠠ ᠵᠠᠬᠢᠨ ᠢᠳᠬᠠᠶ᠎ᠠ᠂ ᠨᠠᠮ ᠵᠢᠮ ᠠᠵᠢᠯ ᠢᠶᠠᠨ ᠬᠢᠵᠦ᠂ ᠢᠳᠡᠬᠦ ᠬᠦᠨᠡᠰᠦ ᠪᠡᠨ ᠥᠪᠡᠷ ᠢᠶᠡᠨ ᠣᠯ᠃ 13 ᠠᠬ᠎ᠠ ᠳᠡᠭᠦᠦ ᠨᠠᠷ ᠡ︕ ᠬᠠᠷᠢᠨ ᠲᠠ ᠨᠠᠷ ᠰᠠᠢᠨ ᠢ ᠦᠢᠯᠡᠳᠴᠦ ᠪᠦᠦ ᠰᠢᠨᠲᠠᠷᠠ᠃
14 ᠬᠡᠷᠪᠡ ᠡᠨᠡ ᠵᠠᠬᠢᠳᠠᠯ ᠳᠠᠬᠢ ᠪᠢᠳᠡᠨ ᠦ ᠬᠡᠯᠡᠭᠰᠡᠨ ᠦᠭᠡ ᠶᠢ ᠳᠠᠭᠠᠬᠤ ᠦᠭᠡᠢ ᠬᠥᠮᠦᠨ ᠪᠠᠢᠪᠠᠯ ᠲᠡᠭᠦᠨ ᠢ ᠠᠩ᠋ᠬᠠᠷ᠂ ᠲᠡᠭᠦᠨ ᠲᠡᠢ ᠨᠡᠢᠯᠡᠬᠦ ᠪᠡᠨ ᠪᠣᠯᠢ᠃ ᠲᠡᠭᠡᠪᠡᠯ ᠲᠡᠷᠡ ᠢᠴᠢᠬᠦ ᠪᠣᠯᠣᠨ᠎ᠠ᠃ 15 ᠭᠡᠪᠡᠴᠦ ᠲᠡᠭᠦᠨ ᠢ ᠳᠠᠢᠰᠤᠨ ᠮᠡᠲᠦ ᠪᠦᠦ ᠪᠣᠳᠣ᠂ ᠠᠬ᠎ᠠ ᠳᠡᠭᠦᠦ ᠳᠡᠭᠡᠨ ᠬᠠᠨᠳᠤᠬᠤ ᠰᠢᠭ᠋ ᠢᠳᠬᠠᠭᠲᠤᠨ᠃
16 ᠠᠮᠤᠭᠤᠯᠠᠩ ᠤᠨ ᠡᠵᠡᠨ ᠥᠪᠡᠷ ᠢᠶᠡᠨ ᠠᠯᠢᠪᠠ ᠴᠠᠭ᠂ ᠶᠠᠮᠠᠷᠪᠠ ᠲᠣᠬᠢᠶᠠᠯᠳᠤᠯ ᠳᠤ ᠴᠤ ᠲᠠ ᠨᠠᠷ ᠲᠤ ᠠᠮᠤᠭᠤᠯᠠᠩ ᠢ ᠰᠣᠶᠣᠷᠬᠠᠬᠤ ᠪᠣᠯᠲᠤᠭᠠᠢ᠃ ᠡᠵᠡᠨ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ᠃
17 ᠫᠠᠦ᠋ᠯ ᠪᠢ ᠥᠪᠡᠷ ᠦᠨ ᠭᠠᠷ ᠢᠶᠠᠷ ᠡᠨᠡ ᠮᠡᠨᠳᠦᠴᠢᠯᠡᠭᠡ ᠶᠢ ᠪᠢᠴᠢᠵᠦ ᠪᠠᠢᠨ᠎ᠠ᠃ ᠮᠢᠨᠦ ᠵᠠᠬᠢᠳᠠᠯ ᠪᠣᠯᠭᠠᠨ ᠳᠤ ᠡᠨᠡ ᠲᠡᠮᠳᠡᠭ ᠪᠤᠢ᠂ ᠪᠢ ᠢᠩᠭᠢᠵᠦ ᠪᠢᠴᠢᠳᠡᠭ᠃ 18 ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠪᠡᠭᠡᠯ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ᠃