ᠬᠣᠶᠠᠳᠤᠭᠠᠷ ᠲᠧᠰᠠᠯᠦ᠋ᠨᠢᠺ ᠬᠣᠶᠠᠷ
ᠡᠵᠡᠨ ᠦ ᠳᠠᠬᠢᠨ ᠢᠷᠡᠬᠦ ᠲᠤᠬᠠᠢ
1 ᠠᠬ᠎ᠠ ᠳᠡᠭᠦᠦ ᠨᠠᠷ ᠡ᠂ ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠷᠡᠬᠦ ᠪᠠ ᠲᠡᠭᠦᠨ ᠦ ᠡᠮᠦᠨ᠎ᠡ ᠪᠢᠳᠡᠨ ᠦ ᠴᠤᠭᠯᠠᠬᠤ ᠲᠤᠬᠠᠢ᠂ 2 ᠰᠦᠨᠡᠰᠦ ᠪᠡᠷ ᠴᠤ᠂ ᠦᠭᠡ ᠪᠡᠷ ᠴᠤ᠂ ᠪᠢᠳᠡᠨ ᠦ ᠪᠢᠴᠢᠭᠰᠡᠨ ᠬᠡᠮᠡᠳᠡᠭ ᠵᠠᠬᠢᠳᠠᠯ ᠢᠶᠠᠷ ᠴᠤ᠂ ᠡᠵᠡᠨ ᠦ ᠡᠳᠦᠷ ᠢᠷᠡᠴᠢᠬᠡᠯ᠎ᠡ ᠭᠡᠳ ᠲᠠ ᠨᠠᠷ ᠪᠦᠦ ᠠᠮᠠᠷᠬᠠᠨ ᠤᠬᠠᠭ᠎ᠠ ᠠᠯᠳᠠ᠂ ᠪᠦᠦ ᠰᠠᠨᠳᠤᠷ᠂ 3 ᠬᠡᠨ ᠦ ᠶᠠᠮᠠᠷ ᠠᠷᠭ᠎ᠠ ᠳᠤ ᠴᠤ ᠪᠦᠦ ᠮᠡᠬᠡᠯᠡᠭᠳᠡ ᠭᠡᠵᠦ ᠲᠠ ᠨᠠᠷ ᠠᠴᠠ ᠭᠤᠶᠤᠶ᠎ᠠ᠃ ᠤᠴᠢᠷ ᠨᠢ᠂ ᠡᠬᠢᠯᠡᠭᠡᠳ ᠥᠨᠥᠬᠢ ᠤᠷᠪᠠᠯᠲᠠ ᠲᠣᠬᠢᠶᠠᠯᠳᠤᠵᠤ᠂ ᠬᠠᠤᠯᠢ ᠪᠤᠰᠤ ᠬᠥᠮᠦᠨ᠂ ᠲᠤᠬᠠᠢᠯᠠᠪᠠᠯ ᠰᠦᠢᠷᠡᠯ ᠦᠨ ᠬᠦᠦ ᠢᠯᠡᠷᠡᠬᠦ ᠡᠴᠡ ᠨᠠᠰᠢ ᠲᠡᠷᠡ ᠡᠳᠦᠷ ᠢᠷᠡᠬᠦ ᠦᠭᠡᠢ᠃ 4 ᠲᠡᠷᠡ ᠬᠥᠮᠦᠨ ᠪᠤᠷᠬᠠᠨ ᠭᠡᠭᠳᠡᠨ ᠪᠢᠰᠢᠷᠡᠭᠳᠡᠳᠡᠭ᠌ ᠪᠦᠬᠦᠨ ᠢ ᠡᠰᠡᠷᠭᠦᠴᠡᠵᠦ᠂ ᠥᠪᠡᠷ ᠢ ᠪᠠᠨ ᠲᠡᠳᠡᠨ ᠦ ᠳᠡᠭᠡᠷ᠎ᠡ ᠡᠷᠭᠦᠬᠦ ᠪᠥᠭᠡᠳ ᠥᠪᠡᠷ ᠢ ᠪᠠᠨ ᠪᠤᠷᠬᠠᠨ ᠬᠡᠮᠡᠨ ᠪᠤᠷᠬᠠᠨ ᠤ ᠥᠷᠭᠥᠭᠡᠨ ᠳᠦ ᠰᠠᠭᠤᠬᠤ ᠪᠣᠯᠣᠨ᠎ᠠ᠃ 5 ᠲᠠ ᠨᠠᠷ ᠲᠠᠢ ᠬᠠᠮᠲᠤ ᠪᠠᠢᠬᠤ ᠳᠠᠭᠠᠨ ᠡᠳᠡᠭᠡᠷ ᠢ ᠬᠡᠯᠡᠳᠡᠭ ᠪᠠᠢᠭᠰᠠᠨ ᠢ ᠮᠠᠨᠢ ᠲᠠ ᠨᠠᠷ ᠰᠠᠨᠠᠬᠤ ᠦᠭᠡᠢ ᠭᠡᠵᠢ ᠤᠤ︖ 6 ᠲᠡᠭᠦᠨ ᠢ ᠥᠪᠡᠷ ᠦᠨ ᠬᠢᠨᠢ ᠴᠠᠭ ᠲᠤ ᠢᠯᠡᠷᠡᠭᠦᠯᠬᠦ ᠶᠢᠨ ᠲᠤᠯᠠᠳᠠ ᠣᠳᠣ ᠲᠡᠭᠦᠨ ᠢ ᠶᠠᠭᠤ ᠬᠣᠷᠢᠭᠯᠠᠵᠤ ᠪᠠᠢᠭ᠎ᠠ ᠶᠢ ᠲᠠ ᠨᠠᠷ ᠮᠡᠳᠡᠨ᠎ᠡ᠂ 7 ᠬᠠᠤᠯᠢ ᠪᠤᠰᠤ ᠶᠢᠨ ᠨᠢᠭᠤᠴᠠ ᠬᠦᠴᠦ ᠨᠢᠭᠡᠨᠲᠡ ᠠᠵᠢᠯᠯᠠᠵᠤ ᠪᠠᠢᠨ᠎ᠠ᠃ ᠲᠡᠭᠦᠨ ᠢ ᠬᠣᠷᠢᠭᠯᠠᠭᠴᠢ ᠵᠠᠢᠯᠠᠭᠤᠯᠤᠭᠳᠠᠬᠤ ᠪᠣᠯᠲᠠᠯ᠎ᠠ ᠲᠡᠷᠡ ᠠᠵᠢᠯᠯᠠᠬᠤ ᠪᠣᠯᠣᠨ᠎ᠠ᠃ 8 ᠵᠠᠢᠯᠠᠬᠤ ᠦᠶ᠎ᠡ ᠳᠦ ᠬᠠᠤᠯᠢ ᠪᠤᠰᠤ ᠨᠢᠭᠡᠨ ᠨᠢ ᠢᠯᠡᠷᠡᠬᠦ ᠪᠣᠯᠪᠠᠴᠤ ᠡᠵᠡᠨ ᠢᠰᠦ᠋ᠰ ᠠᠮᠠᠨ ᠤ ᠪᠠᠨ ᠠᠮᠢᠰᠬᠤᠯ ᠢᠶᠠᠷ ᠲᠡᠭᠦᠨ ᠢ ᠰᠥᠨᠥᠭᠡᠨ᠂ ᠬᠦᠷᠴᠦ ᠢᠷᠡᠬᠦ ᠴᠣᠭ ᠵᠢᠪᠬᠤᠯᠠᠩ ᠢᠶᠠᠷ ᠢᠶᠠᠨ ᠲᠡᠭᠦᠨ ᠢ ᠡᠴᠦᠰᠯᠡᠭᠦᠯᠦᠨ᠎ᠡ᠃ 9 ᠲᠡᠷᠡ ᠬᠠᠤᠯᠢ ᠪᠤᠰᠤ ᠨᠢᠭᠡᠨ ᠨᠢ ᠰᠠᠲ᠋ᠠᠨ ᠤ ᠠᠵᠢᠯᠯᠠᠭ᠎ᠠ ᠶᠢ ᠳᠠᠭᠠᠵᠤ ᠢᠷᠡᠭᠡᠳ ᠶᠠᠩᠵᠤ ᠪᠦᠷᠢ ᠶᠢᠨ ᠬᠠᠭᠤᠷᠮᠠᠭ ᠬᠦᠴᠦᠲᠦ ᠦᠢᠯᠡ᠂ ᠰᠢᠳᠢ ᠲᠡᠮᠳᠡᠭ᠂ ᠭᠠᠢᠬᠠᠮᠰᠢᠭ ᠢ ᠦᠢᠯᠡᠳᠬᠦ ᠪᠥᠭᠡᠳ 10 ᠮᠥᠬᠥᠵᠦ ᠪᠠᠢᠭ᠎ᠠ ᠬᠥᠮᠦᠰ ᠢ ᠶᠠᠩᠵᠤ ᠪᠦᠷᠢ ᠶᠢᠨ ᠵᠥᠪ ᠪᠤᠰᠤ ᠠᠷᠭ᠎ᠠ ᠪᠠᠷ ᠮᠡᠬᠡᠯᠡᠨᠡ᠂ ᠤᠴᠢᠷ ᠨᠢ᠂ ᠲᠡᠳᠡ ᠪᠡᠶ᠎ᠡ ᠪᠡᠨ ᠠᠪᠤᠷᠠᠬᠤ ᠦᠨᠡᠨ ᠦ ᠬᠠᠢᠷ᠎ᠠ ᠶᠢ ᠬᠦᠯᠢᠶᠡᠨ ᠠᠪᠤᠭ᠎ᠠ ᠦᠭᠡᠢ᠃ 11 ᠪᠤᠷᠬᠠᠨ ᠲᠡᠢᠮᠦ ᠬᠥᠮᠦᠰ ᠲᠦ ᠪᠠᠴᠢᠯᠠᠭᠴᠢ ᠬᠦᠴᠦ ᠶᠢ ᠶᠠᠪᠤᠭᠤᠯᠤᠨ ᠬᠤᠳᠠᠯ ᠢ ᠢᠲᠡᠭᠡᠭᠦᠯᠳᠡᠭ᠃ 12 ᠡᠢᠨ ᠬᠦ ᠦᠨᠡᠨ ᠢ ᠦᠯᠦ ᠢᠲᠡᠭᠡᠨ᠂ ᠵᠥᠪ ᠪᠤᠰᠤ ᠶᠢ ᠲᠠᠭᠠᠰᠢᠶᠠᠭᠰᠠᠨ ᠬᠥᠮᠦᠨ ᠪᠦᠬᠦᠨ ᠶᠠᠯᠠᠯᠠᠭᠳᠠᠨ᠎ᠠ᠃
13 ᠬᠠᠷᠢᠨ ᠡᠵᠡᠨ ᠳᠦ ᠬᠠᠢᠷᠠᠯᠠᠭᠳᠠᠭᠰᠠᠨ ᠠᠬ᠎ᠠ ᠳᠡᠭᠦᠦ ᠨᠠᠷ ᠮᠢᠨᠢ︕ ᠪᠢᠳᠡ ᠲᠠ ᠨᠠᠷ ᠠᠴᠠ ᠪᠣᠯᠵᠤ ᠪᠤᠷᠬᠠᠨ ᠳᠤ ᠦᠷᠭᠦᠯᠵᠢ ᠲᠠᠯᠠᠷᠬᠠᠬᠤ ᠦᠭᠡᠢ ᠪᠠᠢᠬᠤ ᠶᠢᠨ ᠠᠷᠭ᠎ᠠ ᠦᠭᠡᠢ᠃ ᠤᠴᠢᠷ ᠨᠢ᠂ ᠪᠤᠷᠬᠠᠨ ᠲᠠ ᠨᠠᠷ ᠢ ᠠᠷᠢᠭᠤᠨ ᠰᠦᠨᠡᠰᠦ ᠪᠡᠷ ᠠᠷᠢᠭᠤᠳᠬᠠᠨ᠂ ᠦᠨᠡᠨ ᠳᠦ ᠢᠲᠡᠭᠡᠭᠦᠯᠵᠦ ᠠᠪᠤᠷᠠᠯ ᠳᠤ ᠬᠦᠷᠭᠡᠬᠦ ᠭᠡᠵᠦ ᠠᠩ᠋ᠬᠠᠨ ᠠᠴᠠ ᠪᠠᠨ ᠰᠣᠩ᠋ᠭᠣᠵᠤ ᠠᠪᠤᠭᠰᠠᠨ᠃ 14 ᠲᠡᠢᠮᠦ ᠵᠣᠷᠢᠯᠭ᠎ᠠ ᠲᠠᠢ ᠤᠴᠢᠷ ᠠᠴᠠ ᠪᠤᠷᠬᠠᠨ ᠪᠢᠳᠡᠨ ᠦ ᠲᠤᠩ᠋ᠬᠠᠭᠯᠠᠭᠰᠠᠨ ᠪᠠᠶᠠᠷ ᠤᠨ ᠮᠡᠳᠡᠭᠡ ᠪᠡᠷ ᠲᠠ ᠨᠠᠷ ᠢ ᠳᠠᠭᠤᠳᠠᠨ ᠪᠢᠳᠡᠨ ᠦ ᠡᠵᠡᠨ ᠢᠰᠦ᠋ᠰ ᠾᠷᠢᠰᠲ᠋ᠣᠰ ᠤᠨ ᠠᠯᠳᠠᠷ ᠢ ᠬᠦᠷᠲᠡᠭᠡᠵᠡᠢ᠃ 15 ᠲᠡᠢᠮᠦ ᠡᠴᠡ ᠠᠬ᠎ᠠ ᠳᠡᠭᠦᠦ ᠨᠠᠷ ᠡ᠂ ᠪᠠᠲᠤ ᠵᠣᠭᠰᠣᠭᠲᠤᠨ᠂ ᠪᠢᠳᠡᠨ ᠦ ᠦᠭᠡ ᠪᠤᠶᠤ ᠵᠠᠬᠢᠳᠠᠯ ᠢᠶᠠᠷ ᠰᠤᠷᠭᠠᠭᠰᠠᠨ ᠤᠯᠠᠮᠵᠢᠯᠠᠯ ᠤᠳ ᠢ ᠪᠠᠷᠢᠮᠲᠠᠯᠠ᠃
16 ᠪᠢᠳᠡᠨ ᠦ ᠡᠵᠡᠨ ᠢᠰᠦ᠋ᠰ ᠾᠷᠢᠰᠲ᠋ᠣᠰ ᠬᠢᠭᠡᠳ ᠪᠢᠳᠡᠨ ᠢ ᠬᠠᠢᠷᠠᠯᠠᠵᠤ᠂ ᠮᠥᠩᠬᠡ ᠶᠢᠨ ᠲᠠᠢᠳᠬᠤᠷᠠᠯ ᠪᠠ ᠰᠠᠢᠬᠠᠨ ᠡᠷᠡᠮᠡᠯᠵᠡᠯ ᠢ ᠢᠪᠡᠭᠡᠯ ᠲᠡᠢ ᠪᠠᠷ ᠰᠣᠶᠣᠷᠬᠠᠭᠰᠠᠨ ᠪᠢᠳᠡᠨ ᠦ ᠡᠴᠢᠭᠡ ᠪᠤᠷᠬᠠᠨ 17 ᠲᠠ ᠨᠠᠷ ᠤᠨ ᠰᠡᠳᠬᠢᠯ ᠢ ᠠᠮᠤᠷᠵᠢᠭᠤᠯᠤᠨ᠂ ᠠᠯᠢᠪᠠ ᠰᠠᠢᠨ ᠦᠢᠯᠡ ᠪᠠ ᠦᠭᠡ ᠶᠠᠷᠢᠶᠠᠨ ᠤ ᠲᠠᠯ᠎ᠠ ᠪᠠᠷ ᠪᠡᠬᠢᠵᠢᠭᠦᠯᠬᠦ ᠪᠣᠯᠲᠤᠭᠠᠢ᠃