1 2 3 4 5 6 7 8 9 10 11 12 13 14 15 16 17 18 19 20 21


ᠶᠣᠬᠠᠨ ᠳᠥᠷᠪᠡ
 ᠢᠰᠦ᠋ᠰ ᠭᠠᠯᠢᠯᠠᠶ᠎ᠠ ᠤᠷᠤᠭᠤ ᠴᠢᠭᠯᠡᠭᠰᠡᠨ ᠨᠢ

1 ᠢᠰᠦ᠋ᠰ ᠶᠣᠬᠠᠨ ᠠᠴᠠ ᠢᠯᠡᠭᠦᠦ ᠣᠯᠠᠨ ᠱᠠᠪᠢ ᠣᠯᠵᠤ᠂ ᠤᠬᠢᠶᠠᠯ ᠬᠦᠷᠲᠡᠭᠡᠵᠦ ᠪᠠᠢᠭ᠎ᠠ ᠭᠡᠵᠦ ᠹᠠᠷᠢᠰᠠᠢᠴᠤᠳ ᠳᠤᠭᠤᠯᠵᠠᠢ᠃ ᠢᠰᠦ᠋ᠰ ᠡᠭᠦᠨ ᠢ ᠮᠡᠳᠡᠭᠡᠳ᠂ 2 (ᠢᠰᠦ᠋ᠰ ᠥᠪᠡᠷ ᠢᠶᠡᠨ ᠪᠢᠰᠢ᠂ ᠬᠠᠷᠢᠨ ᠲᠡᠭᠦᠨ ᠦ ᠱᠠᠪᠢ ᠨᠠᠷ ᠤᠬᠢᠶᠠᠯ ᠬᠦᠷᠲᠡᠭᠡᠭᠰᠡᠨ ᠪᠠᠢᠵᠠᠢ᠃) 3 ᠶᠦᠳᠠᠢ ᠠᠴᠠ ᠭᠠᠷᠴᠤ᠂ ᠭᠠᠯᠢᠯᠠᠶ᠎ᠠ ᠤᠷᠤᠭᠤ ᠳᠠᠬᠢᠨ ᠶᠠᠪᠤᠪᠠ᠃ 4 ᠭᠡᠬᠦ ᠳᠡᠭᠡᠨ᠂ ᠰᠠᠮᠠᠷᠢᠶ᠎ᠠ ᠪᠠᠷ ᠳᠠᠭᠠᠷᠢᠵᠤ ᠭᠠᠷᠬᠤ ᠶᠣᠰᠣᠲᠠᠢ ᠪᠠᠢᠯ᠎ᠠ᠃ 5 ᠢᠰᠦ᠋ᠰ ᠰᠠᠮᠠᠷᠢᠶ᠎ᠠ ᠳᠠᠬᠢ ᠰᠦᠺᠠᠷ ᠭᠡᠳᠡᠭ ᠨᠢᠭᠡᠨ ᠲᠣᠰᠬᠣᠨ ᠳᠤ ᠬᠦᠷᠦᠯ᠎ᠡ᠃ ᠶᠠᠺᠣᠪ ᠤᠨ ᠬᠦᠦ ᠶᠣᠰᠧᠹ ᠲᠡᠭᠡᠨ ᠥᠭᠭᠥᠭᠰᠡᠨ ᠭᠠᠵᠠᠷ ᠲᠡᠨᠳᠡ ᠡᠴᠡ ᠬᠣᠯᠠ ᠦᠭᠡᠢ ᠪᠠᠢᠪᠠ᠃ 6 ᠶᠠᠺᠣᠪ ᠤᠨ ᠬᠤᠳᠳᠤᠭ ᠲᠡᠨᠳᠡ ᠪᠠᠢᠵᠠᠢ᠃ ᠠᠶᠠᠨ ᠳᠤ ᠶᠠᠳᠠᠷᠠᠭᠰᠠᠨ ᠢᠰᠦ᠋ᠰ ᠬᠤᠳᠳᠤᠭ ᠤᠨ ᠳᠡᠷᠭᠡᠳᠡ ᠰᠠᠭᠤᠪᠠ᠃ ᠲᠡᠷᠡ ᠨᠢ ᠦᠳᠡ ᠶᠢᠨ ᠦᠶ᠎ᠡ ᠪᠠᠢᠯ᠎ᠠ᠃
 ᠰᠠᠮᠠᠷᠢᠶ᠎ᠠ ᠪᠦᠰᠡᠭᠦᠢ

7 ᠰᠠᠮᠠᠷᠢᠶ᠎ᠠ ᠶᠢᠨ ᠨᠢᠭᠡᠨ ᠡᠮᠡᠭᠲᠡᠢ ᠤᠰᠤ ᠠᠪᠬᠤ ᠪᠠᠷ ᠢᠷᠡᠭᠰᠡᠨ ᠳᠦ᠂ ᠢᠰᠦ᠋ᠰ᠄ 《ᠤᠮᠳᠠ ᠥᠭᠭᠥᠭᠡᠴᠢ》 ᠭᠡᠪᠡ᠃ 8 ᠱᠠᠪᠢ ᠨᠠᠷ ᠨᠢ ᠬᠦᠨᠡᠰᠦ ᠬᠤᠳᠠᠯᠳᠤᠨ ᠠᠪᠬᠤ ᠪᠠᠷ ᠲᠣᠰᠬᠣᠨ ᠤᠷᠤᠭᠤ ᠶᠠᠪᠤᠭᠰᠠᠨ ᠪᠠᠢᠵᠠᠢ᠃ 9 ᠰᠠᠮᠠᠷᠢᠶ᠎ᠠ ᠡᠮᠡᠭᠲᠡᠢ᠄ 《ᠲᠠ ᠶᠦᠳᠠᠢ ᠬᠥᠮᠦᠨ ᠪᠠᠢᠲᠠᠯ᠎ᠠ ᠪᠠᠨ ᠶᠠᠭᠠᠬᠢᠭᠠᠳ ᠰᠠᠮᠠᠷᠢᠶ᠎ᠠ ᠡᠮᠡᠭᠲᠡᠢ ᠨᠠᠳᠠ ᠠᠴᠠ ᠤᠮᠳᠠ ᠭᠤᠶᠤᠨ᠎ᠠ ᠪᠤᠢ︖》 ᠭᠡᠪᠡ᠃ (ᠤᠴᠢᠷ ᠨᠢ ᠶᠦᠳᠠᠢᠴᠤᠳ ᠰᠠᠮᠠᠷᠢᠶᠠᠴᠤᠳ ᠲᠠᠢ ᠬᠠᠷᠢᠴᠠᠳᠠᠭ ᠦᠭᠡᠢ ᠪᠠᠢᠵᠠᠢ᠃) 10 ᠢᠰᠦ᠋ᠰ ᠲᠡᠭᠦᠨ ᠳᠦ᠄ 《ᠬᠡᠷᠪᠡ ᠴᠢ ᠪᠤᠷᠬᠠᠨ ᠤ ᠰᠣᠶᠣᠷᠬᠠᠯ ᠢ ᠮᠡᠳᠡᠭᠡᠳ 〈ᠤᠮᠳᠠ ᠥᠭᠭᠥᠭᠡᠴᠢ〉 ᠭᠡᠰᠡᠨ ᠨᠢᠭᠡᠨ ᠦ ᠬᠡᠨ ᠪᠣᠯᠬᠤ ᠶᠢ ᠲᠠᠨᠢᠭᠰᠠᠨ ᠪᠣᠯ᠂ ᠴᠢ ᠥᠪᠡᠷ ᠢᠶᠡᠨ ᠲᠡᠭᠦᠨ ᠡᠴᠡ ᠭᠤᠶᠤᠬᠤ ᠪᠥᠭᠡᠳ ᠲᠡᠷᠡ ᠴᠤ ᠴᠢᠮ᠎ᠠ ᠳᠤ ᠠᠮᠢᠳᠤ ᠶᠢᠨ ᠤᠰᠤ ᠥᠭᠬᠦ ᠪᠠᠢᠭᠰᠠᠨ》 ᠭᠡᠵᠦ ᠬᠡᠯᠡᠪᠡ᠃ 11 ᠲᠡᠷᠡ ᠡᠮᠡᠭᠲᠡᠢ᠄ 《ᠠᠪᠤᠭᠠᠢ ᠡ᠂ ᠲᠠᠨ ᠳᠤ ᠤᠳᠬᠤᠭᠤᠷ ᠠᠯᠠᠭ᠎ᠠ᠂ ᠬᠤᠳᠳᠤᠭ ᠴᠤ ᠭᠦᠨ᠂ ᠲᠠ ᠠᠮᠢᠳᠤ ᠶᠢᠨ ᠤᠰᠤ ᠶᠢ ᠬᠠᠮᠢᠭ᠎ᠠ ᠠᠴᠠ ᠣᠯᠬᠤ ᠪᠤᠢ︖ 12 ᠲᠠ ᠪᠢᠳᠡᠨ ᠦ ᠳᠡᠭᠡᠳᠦᠰ ᠶᠠᠺᠣᠪ ᠠᠴᠠ ᠠᠭᠤᠤ ᠶᠤᠮ ᠤᠤ︖ ᠲᠡᠷᠡ ᠡᠨᠡ ᠬᠤᠳᠳᠤᠭ ᠢ ᠪᠢᠳᠡᠨ ᠳᠦ ᠥᠭᠭᠥᠭᠰᠡᠨ᠂ ᠡᠨᠡ ᠤᠰᠤᠨ ᠠᠴᠠ ᠥᠪᠡᠷ ᠢᠶᠡᠨ ᠤᠤᠭᠤᠳᠠᠭ᠂ ᠲᠡᠭᠦᠨ ᠦ ᠦᠷ᠎ᠡ ᠬᠡᠦᠬᠡᠳ᠂ ᠮᠠᠯ ᠰᠦᠷᠦᠭ ᠴᠤ ᠤᠤᠭᠤᠳᠠᠭ ᠪᠠᠢᠭᠰᠠᠨ》 ᠭᠡᠬᠦ ᠳᠦ᠂ 13 ᠢᠰᠦ᠋ᠰ ᠬᠠᠷᠢᠭᠤ ᠳᠤᠨᠢ᠄ 《ᠡᠨᠡ ᠤᠰᠤᠨ ᠠᠴᠠ ᠤᠤᠭᠤᠭᠴᠢ ᠪᠦᠬᠦᠨ ᠳᠠᠬᠢᠨ ᠴᠠᠩ᠋ᠭᠠᠬᠤ ᠪᠣᠯᠣᠨ᠎ᠠ᠃ 14 ᠬᠠᠷᠢᠨ ᠮᠢᠨᠦ ᠥᠭᠬᠦ ᠤᠰᠤᠨ ᠠᠴᠠ ᠤᠤᠭᠤᠭᠴᠢ ᠨᠢ ᠶᠡᠷᠦ ᠬᠡᠵᠢᠶ᠎ᠡ ᠴᠤ ᠴᠠᠩ᠋ᠭᠠᠬᠤ ᠦᠭᠡᠢ ᠪᠥᠭᠡᠳ ᠮᠢᠨᠦ ᠥᠭᠬᠦ ᠤᠰᠤ ᠲᠡᠭᠦᠨ ᠦ ᠳᠣᠲᠣᠷ᠎ᠠ ᠮᠥᠩᠬᠡ ᠠᠮᠢᠨ ᠳᠤ ᠬᠦᠷᠲᠡᠯ᠎ᠡ ᠣᠷᠭᠢᠯᠬᠤ ᠪᠤᠯᠠᠭ ᠪᠣᠯᠬᠤ ᠶᠤᠮ》 ᠭᠡᠬᠦ ᠳᠦ᠂ 15 ᠡᠮᠡᠭᠲᠡᠢ᠄ 《ᠠᠪᠤᠭᠠᠢ ᠡ᠂ ᠲᠡᠢᠮᠦ ᠤᠰᠤ ᠪᠠᠨ ᠨᠠᠳᠠ ᠳᠤ ᠥᠭᠭᠥᠭᠡᠴᠢ᠃ ᠲᠡᠭᠡᠪᠡᠯ ᠪᠢ ᠴᠠᠩ᠋ᠭᠠᠬᠤ ᠦᠭᠡᠢ᠂ ᠤᠰᠤ ᠠᠪᠬᠤ ᠪᠠᠷ ᠨᠠᠰᠢ ᠢᠷᠡᠬᠦ ᠬᠡᠷᠡᠭ ᠦᠭᠡᠢ ᠪᠣᠯᠣᠨ᠎ᠠ》 ᠭᠡᠪᠡ᠃

16 ᠢᠰᠦ᠋ᠰ᠄ 《ᠡ᠊ᠨᠳᠡ ᠡᠴᠡ ᠶᠠᠪᠤᠵᠤ ᠨᠥᠬᠥᠷ ᠢᠶᠡᠨ ᠳᠠᠭᠤᠳᠠᠭᠠᠳ ᠢᠷ᠎ᠡ》 ᠭᠡᠰᠡᠨ ᠳᠦ᠂ 17 ᠡᠮᠡᠭᠲᠡᠢ ᠬᠠᠷᠢᠭᠤ ᠳᠤᠨᠢ᠄ 《ᠨᠠᠳᠠ ᠳᠤ ᠨᠥᠬᠥᠷ ᠠᠯᠠᠭ᠎ᠠ》 ᠭᠡᠯ᠎ᠡ᠃ ᠢᠰᠦ᠋ᠰ᠄ 《〈ᠨᠠᠳᠠ ᠳᠤ ᠨᠥᠬᠥᠷ ᠠᠯᠠᠭ᠎ᠠ〉 ᠭᠡᠰᠡᠨ ᠴᠢᠨᠢ ᠵᠥᠪ ᠡ᠃ 18 ᠴᠢ ᠲᠠᠪᠤᠨ ᠨᠥᠬᠥᠷ ᠲᠡᠢ ᠪᠠᠢᠭᠰᠠᠨ ᠪᠥᠭᠡᠳ ᠣᠳᠣ ᠶᠢᠨ ᠴᠢᠮ᠎ᠠ ᠲᠠᠢ ᠪᠠᠢᠭ᠎ᠠ ᠡᠷ᠎ᠡ ᠴᠤ ᠨᠥᠬᠥᠷ ᠴᠢᠨᠢ ᠪᠢᠰᠢ ᠲᠤᠯᠠ᠂ ᠦᠨᠡᠨ ᠢᠶᠡᠨ ᠬᠡᠯᠡᠪᠡ ᠴᠢ》 ᠭᠡᠪᠡ᠃ 19 ᠡᠮᠡᠭᠲᠡᠢ᠄ 《ᠠᠪᠤᠭᠠᠢ ᠡ᠂ ᠲᠠ ᠡᠰᠢ ᠦᠵᠡᠭᠦᠯᠦᠭᠴᠢ ᠶᠤᠮ ᠪᠠᠢᠨ᠎ᠠ᠃ 20 ᠪᠢᠳᠡᠨ ᠦ ᠳᠡᠭᠡᠳᠦᠰ ᠡᠨᠡ ᠠᠭᠤᠯᠠᠨ ᠳᠡᠭᠡᠷ᠎ᠡ ᠮᠥᠷᠭᠥᠯ ᠬᠢᠳᠡᠭ ᠪᠠᠢᠭᠰᠠᠨ᠃ ᠬᠠᠷᠢᠨ ᠲᠠ ᠨᠠᠷ ᠮᠥᠷᠭᠥᠬᠦ ᠶᠣᠰᠣᠲᠠᠢ ᠣᠷᠣᠨ ᠢᠶᠠᠨ ᠶᠧᠷᠦ᠋ᠰᠠᠯᠧᠮ ᠳᠤ ᠪᠠᠢᠨ᠎ᠠ ᠭᠡᠵᠡᠭᠡᠳᠡᠭ》 ᠭᠡᠰᠡᠨ ᠳᠦ᠂ 21 ᠢᠰᠦ᠋ᠰ᠄ 《ᠪᠦᠰᠡᠭᠦᠢ᠂ ᠨᠠᠮᠠᠶᠢ ᠢᠲᠡᠭᠡᠭᠡᠴᠢ᠃ ᠲᠠ ᠨᠠᠷ ᠡᠨᠡ ᠠᠭᠤᠯᠠᠨ ᠳᠡᠭᠡᠷ᠎ᠡ ᠴᠤ ᠪᠢᠰᠢ᠂ ᠶᠧᠷᠦ᠋ᠰᠠᠯᠧᠮ ᠳᠤ ᠴᠤ ᠪᠢᠰᠢ᠂ ᠡᠴᠢᠭᠡ ᠳᠦ ᠯᠠ ᠮᠥᠷᠭᠥᠬᠦ ᠴᠠᠭ ᠢᠷᠡᠨ᠎ᠡ᠃ 22 ᠲᠠ ᠨᠠᠷ ᠮᠡᠳᠡᠳᠡᠭ ᠦᠭᠡᠢ ᠵᠦᠢᠯ ᠳᠡᠭᠡᠨ ᠮᠥᠷᠭᠥᠳᠡᠭ ᠪᠣᠯ ᠪᠢᠳᠡ ᠮᠡᠳᠡᠳᠡᠭ ᠵᠦᠢᠯ ᠳᠡᠭᠡᠨ ᠮᠥᠷᠭᠥᠳᠡᠭ᠃ ᠤᠴᠢᠷ ᠨᠢ ᠠᠪᠤᠷᠠᠯ ᠶᠦᠳᠠᠢᠴᠤᠳ ᠠᠴᠠ ᠢᠷᠡᠳᠡᠭ᠃ 23 ᠬᠠᠷᠢᠨ ᠵᠢᠩᠬᠢᠨᠢ ᠮᠥᠷᠭᠥᠭᠴᠢᠳ ᠰᠦᠨᠡᠰᠦ ᠪᠡᠷ ᠢᠶᠠᠨ᠂ ᠴᠢᠩ ᠦᠨᠡᠨ ᠢᠶᠡᠷ ᠡᠴᠢᠭᠡ ᠪᠤᠷᠬᠠᠨ ᠳᠤ ᠮᠥᠷᠭᠥᠬᠦ ᠴᠠᠭ ᠢᠷᠡᠵᠦ ᠪᠠᠢᠭ᠎ᠠ ᠪᠥᠭᠡᠳ ᠣᠳᠣ ᠢᠷᠡᠴᠢᠬᠡᠭᠡᠳ ᠪᠠᠢᠨ᠎ᠠ᠃ ᠡᠴᠢᠭᠡ ᠪᠤᠷᠬᠠᠨ ᠥᠪᠡᠷ ᠲᠤᠨᠢ ᠢᠩᠭᠢᠵᠦ ᠮᠥᠷᠭᠥᠭᠴᠢᠳ ᠢ ᠬᠠᠢᠳᠠᠭ ᠶᠤᠮ᠃ 24 ᠪᠤᠷᠬᠠᠨ ᠪᠣᠯ ᠰᠦᠨᠡᠰᠦ᠃ ᠲᠡᠭᠦᠨ ᠳᠦ ᠮᠥᠷᠭᠥᠭᠴᠢᠳ ᠨᠢ ᠰᠦᠨᠡᠰᠦ ᠪᠡᠷ ᠢᠶᠠᠨ᠂ ᠴᠢᠩ ᠦᠨᠡᠨ ᠢᠶᠡᠷ ᠮᠥᠷᠭᠥᠬᠦ ᠶᠣᠰᠣᠲᠠᠢ》 ᠭᠡᠵᠦ ᠬᠡᠯᠡᠯ᠎ᠡ᠃ 25 ᠡᠮᠡᠭᠲᠡᠢ᠄ 《ᠮᠧᠰᠢᠶ᠎ᠠ (ᠾᠷᠢᠰᠲ᠋ᠣᠰ) ᠢᠷᠡᠬᠦ ᠶᠢ ᠪᠢ ᠮᠡᠳᠡᠨ᠎ᠡ᠃ ᠲᠡᠷᠡ ᠢᠷᠡᠪᠡᠯ ᠠᠯᠢᠪᠠ ᠪᠦᠬᠦᠨ ᠢ ᠪᠢᠳᠡᠨ ᠳᠦ ᠲᠠᠢᠯᠪᠤᠷᠢᠯᠠᠨ᠎ᠠ》 ᠭᠡᠬᠦ ᠳᠦ᠂ 26 ᠢᠰᠦ᠋ᠰ ᠲᠡᠭᠦᠨ ᠳᠦ᠄ 《ᠴᠢᠮ᠎ᠠ ᠲᠠᠢ ᠶᠠᠷᠢᠵᠤ ᠪᠠᠢᠭ᠎ᠠ ᠪᠢ ᠪᠣᠯ ᠲᠡᠷᠡ ᠮᠥᠨ》 ᠭᠡᠯ᠎ᠡ᠃

27 ᠲᠡᠭᠡᠲᠡᠯ᠎ᠡ ᠱᠠᠪᠢ ᠨᠠᠷ ᠨᠢ ᠬᠦᠷᠴᠦ ᠢᠷᠡᠭᠡᠳ᠂ ᠢᠰᠦ᠋ᠰ ᠤᠨ ᠨᠢᠭᠡᠨ ᠡᠮᠡᠭᠲᠡᠢ ᠲᠡᠢ ᠶᠠᠷᠢᠯᠴᠠᠵᠤ ᠪᠠᠢᠭ᠎ᠠ ᠳᠤ ᠭᠠᠢᠬᠠᠭᠰᠠᠨ ᠪᠣᠯᠪᠠᠴᠤ ᠬᠡᠨ ᠨᠢ ᠴᠤ᠄ 《ᠲᠠ ᠶᠠᠭᠤ ᠭᠡᠰᠡᠨ ᠪᠤᠢ︖》 ᠭᠡᠬᠦ ᠪᠤᠶᠤ 《ᠲᠡᠭᠦᠨ ᠲᠡᠢ ᠶᠠᠭᠤᠨ ᠳᠤ ᠶᠠᠷᠢᠯᠴᠠᠵᠤ ᠪᠠᠢᠭ᠎ᠠ ᠪᠤᠢ︖》 ᠬᠡᠮᠡᠨ ᠠᠰᠠᠭᠤᠭᠰᠠᠨ ᠦᠭᠡᠢ᠃ 28 ᠲᠡᠷᠡ ᠡᠮᠡᠭᠲᠡᠢ ᠤᠰᠤᠨ ᠤ ᠪᠠᠨ ᠰᠠᠪᠠ ᠶᠢ ᠣᠷᠬᠢᠨ ᠲᠣᠰᠬᠣᠨ ᠤᠷᠤᠭᠤ ᠪᠠᠨ ᠶᠠᠪᠤᠵᠤ᠂ ᠬᠥᠮᠦᠰ ᠲᠦ᠄ 29 《ᠮᠢᠨᠦ ᠦᠢᠯᠡᠳᠦᠭᠰᠡᠨ ᠪᠦᠬᠦᠨ ᠢ ᠨᠠᠳᠠ ᠳᠤ ᠬᠡᠯᠡᠭᠰᠡᠨ ᠬᠥᠮᠦᠨ ᠢ ᠢᠷᠡᠵᠦ ᠦᠵᠡᠭᠡᠴᠢ᠂ ᠡᠨᠡ ᠴᠢᠨᠢ ᠾᠷᠢᠰᠲ᠋ᠣᠰ ᠪᠢᠰᠢ ᠤᠤ︖》 ᠭᠡᠵᠦ ᠬᠡᠯᠡᠬᠦ ᠳᠦ᠂ 30 ᠬᠥᠮᠦᠰ ᠲᠣᠰᠬᠣᠨ ᠠᠴᠠ ᠭᠠᠷᠴᠤ᠂ ᠢᠰᠦ᠋ᠰ ᠤᠷᠤᠭᠤ ᠣᠴᠢᠵᠠᠭᠠᠪᠠ᠃

31 ᠡᠨᠡ ᠬᠣᠭᠣᠷᠣᠨᠳᠣ ᠱᠠᠪᠢ ᠨᠠᠷ ᠨᠢ᠄ 《ᠪᠠᠭᠰᠢ ᠡ᠂ ᠬᠣᠭᠣᠯᠠᠯᠠᠭᠠᠴᠢ》 ᠭᠡᠬᠦ ᠳᠦ᠂ 32 ᠢᠰᠦ᠋ᠰ᠄ 《ᠲᠠ ᠨᠠᠷ ᠤᠨ ᠮᠡᠳᠡᠬᠦ ᠦᠭᠡᠢ ᠬᠣᠭᠣᠯᠠ ᠨᠠᠳᠠ ᠳᠤ ᠪᠤᠢ》 ᠭᠡᠪᠡ᠃ 33 ᠱᠠᠪᠢ ᠨᠠᠷ ᠨᠢ᠄ 《ᠬᠡᠨ ᠲᠡᠭᠦᠨ ᠳᠦ ᠢᠳᠡᠬᠦ ᠶᠠᠭᠤᠮ᠎ᠠ ᠠᠪᠴᠢᠷᠠᠵᠤ ᠥᠭᠭᠥᠭᠰᠡᠨ ᠪᠣᠯ︖》 ᠭᠡᠵᠦ ᠶᠠᠷᠢᠯᠴᠠᠵᠠᠢ᠃ 34 ᠢᠰᠦ᠋ᠰ ᠲᠡᠳᠡᠨ ᠳᠦ᠄ 《ᠮᠢᠨᠦ ᠬᠣᠭᠣᠯᠠ ᠪᠣᠯ ᠨᠠᠮᠠᠶᠢ ᠢᠯᠡᠭᠡᠭᠴᠢ ᠶᠢᠨ ᠰᠠᠨᠠᠭ᠎ᠠ ᠶᠢ ᠪᠡᠶᠡᠯᠡᠭᠦᠯᠦᠨ ᠠᠵᠢᠯ ᠢ ᠨᠢ ᠭᠦᠢᠴᠡᠳᠬᠡᠬᠦ ᠶᠠᠪᠤᠳᠠᠯ ᠮᠥᠨ᠃ 35 ᠲᠠ ᠨᠠᠷ᠄ 〈ᠬᠤᠷᠢᠶᠠᠯᠲᠠ ᠪᠣᠯᠲᠠᠯ᠎ᠠ ᠳᠥᠷᠪᠡᠨ ᠰᠠᠷ᠎ᠠ ᠪᠠᠢᠨ᠎ᠠ〉 ᠭᠡᠵᠡᠭᠡᠳᠡᠭ ᠪᠢᠵᠡ᠃ ᠠᠩ᠋ᠬᠠᠷᠤᠭᠲᠤᠨ︕ ᠪᠢ ᠲᠠ ᠨᠠᠷ ᠲᠤ ᠬᠡᠯᠡᠶ᠎ᠡ᠂ ᠨᠢᠳᠦ ᠪᠡᠨ ᠡᠷᠭᠦᠨ ᠲᠠᠷᠢᠶ᠎ᠠ ᠤᠷᠤᠭᠤ ᠬᠠᠷᠠ᠃ ᠲᠠᠷᠢᠶ᠎ᠠ ᠪᠣᠯᠪᠠᠰᠤᠷᠠᠵᠤ ᠬᠤᠷᠢᠶᠠᠬᠤ ᠳᠤ ᠪᠡᠯᠡᠨ ᠪᠣᠯᠵᠠᠢ᠃ 36 ᠬᠠᠳᠤᠭᠴᠢ ᠨᠢ ᠬᠥᠯᠥᠰᠥ ᠪᠡᠨ ᠬᠦᠷᠲᠡᠵᠦ᠂ ᠮᠥᠩᠬᠡ ᠠᠮᠢ ᠤᠷᠤᠭᠤ ᠦᠷ᠎ᠡ ᠲᠠᠷᠢᠶ᠎ᠠ ᠬᠤᠷᠢᠶᠠᠨ᠎ᠠ᠃ ᠲᠡᠢᠨ ᠬᠦ ᠲᠠᠷᠢᠭᠴᠢ ᠨᠢ ᠬᠠᠳᠤᠭᠴᠢ ᠲᠠᠢ ᠬᠠᠮᠲᠤ ᠪᠠᠶᠠᠷᠯᠠᠬᠤ ᠪᠣᠯᠣᠨ᠎ᠠ᠃ 37 ᠡᠢᠮᠦ ᠡᠴᠡ 〈ᠨᠢᠭᠡ ᠨᠢ ᠲᠠᠷᠢᠵᠤ᠂ ᠨᠥᠭᠥᠭᠡ ᠨᠢ ᠬᠤᠷᠢᠶᠠᠨ᠎ᠠ〉 ᠭᠡᠰᠡᠨ ᠦᠭᠡ ᠦᠨᠡᠨ ᠪᠠᠢᠨ᠎ᠠ᠃ 38 ᠥᠪᠡᠷᠰᠡᠳ ᠦᠨ ᠴᠢᠨᠢ ᠵᠦᠳᠡᠷᠡᠭᠡ ᠦᠭᠡᠢ ᠵᠦᠢᠯ ᠢ ᠬᠤᠷᠢᠶᠠᠯᠭᠠᠬᠤ ᠪᠠᠷ ᠪᠢ ᠲᠠ ᠨᠠᠷ ᠢ ᠢᠯᠡᠭᠡᠪᠡ᠂ ᠪᠤᠰᠤᠳ ᠬᠥᠮᠦᠨ ᠵᠦᠳᠡᠷᠡᠭᠰᠡᠨ ᠪᠥᠭᠡᠳ᠂ ᠵᠦᠳᠡᠷᠡᠭᠰᠡᠨ ᠦ ᠬᠢᠨᠢ ᠠᠰᠢᠭ ᠢ ᠲᠠ ᠨᠠᠷ ᠬᠤᠷᠢᠶᠠᠭᠰᠠᠨ》 ᠭᠡᠪᠡ᠃
 ᠰᠠᠮᠠᠷᠢᠶᠠᠴᠤᠳ ᠣᠯᠠᠨ ᠢᠶᠠᠷ ᠢᠲᠡᠭᠡᠭᠰᠡᠨ ᠨᠢ

39 《ᠮᠢᠨᠦ ᠦᠢᠯᠡᠳᠦᠭᠰᠡᠨ ᠪᠦᠬᠦᠨ ᠢ ᠲᠡᠷᠡ ᠨᠠᠳᠠ ᠳᠤ ᠬᠡᠯᠡᠭᠰᠡᠨ》 ᠭᠡᠵᠦ ᠥᠨᠥᠬᠢ ᠡᠮᠡᠭᠲᠡᠢ ᠶᠢᠨ ᠭᠡᠷᠡᠴᠢᠯᠡᠭᠰᠡᠨ ᠦᠭᠡᠨ ᠡᠴᠡ ᠪᠣᠯᠵᠤ᠂ ᠲᠡᠷᠡ ᠲᠣᠰᠬᠣᠨ ᠤ ᠰᠠᠮᠠᠷᠢᠶᠠᠴᠤᠳ ᠣᠯᠠᠨ ᠢᠶᠠᠷ ᠢᠰᠦ᠋ᠰ ᠢ ᠢᠲᠡᠭᠡᠵᠡᠢ᠃ 40 ᠰᠠᠮᠠᠷᠢᠶᠠᠴᠤᠳ ᠢᠰᠦ᠋ᠰ ᠤᠷᠤᠭᠤ ᠢᠷᠡᠵᠦ᠂ ᠥᠪᠡᠷᠰᠡᠳ ᠲᠡᠢ ᠨᠢ ᠬᠠᠮᠲᠤ ᠪᠠᠢᠬᠤ ᠶᠢ ᠭᠤᠶᠤᠭᠠᠳ ᠪᠠᠢᠬᠤ ᠳᠤ᠂ ᠢᠰᠦ᠋ᠰ ᠲᠡᠨᠳᠡ ᠬᠣᠶᠠᠷ ᠬᠣᠨᠣᠪᠠ᠃ 41 ᠢᠰᠦ᠋ᠰ ᠤᠨ ᠦᠭᠡᠨ ᠡᠴᠡ ᠪᠣᠯᠵᠤ᠂ ᠨᠡᠩ ᠣᠯᠠᠨ ᠬᠥᠮᠦᠨ ᠢᠲᠡᠭᠡᠵᠡᠭᠡᠪᠡ᠃ 42 ᠲᠡᠳᠡ ᠥᠨᠥᠬᠢ ᠡᠮᠡᠭᠲᠡᠢ ᠳᠦ᠄ 《ᠪᠢᠳᠡ ᠴᠢᠨᠦ ᠶᠠᠷᠢᠭᠰᠠᠨ ᠢᠶᠠᠷ ᠢᠲᠡᠭᠡᠬᠦ ᠪᠢᠰᠢ᠂ ᠬᠠᠷᠢᠨ ᠥᠪᠡᠷᠰᠡᠳ ᠢᠶᠡᠨ ᠰᠣᠨᠣᠰᠣᠭᠠᠳ ᠡᠨᠡ ᠬᠥᠮᠦᠨ ᠦᠨᠡᠬᠡᠷ ᠶᠢᠷᠲᠢᠨᠴᠦ ᠶᠢᠨ ᠠᠪᠤᠷᠠᠭᠴᠢ ᠶᠤᠮ ᠭᠡᠰᠡᠨ ᠢ ᠮᠡᠳᠡᠯ᠎ᠡ》 ᠭᠡᠵᠡᠭᠡᠪᠡ᠃

43 ᠬᠣᠶᠠᠷ ᠬᠣᠨᠣᠭ ᠤᠨ ᠳᠠᠷᠠᠭ᠎ᠠ᠂ ᠢᠰᠦ᠋ᠰ ᠲᠡᠨᠳᠡ ᠡᠴᠡ ᠭᠠᠷᠴᠤ ᠭᠠᠯᠢᠯᠠᠶ᠎ᠠ ᠳᠤ ᠬᠦᠷᠴᠡᠢ᠃ 44 (ᠡᠰᠢ ᠦᠵᠡᠭᠦᠯᠦᠭᠴᠢ ᠨᠤᠲᠤᠭ ᠲᠠᠭᠠᠨ ᠬᠦᠨᠳᠦ ᠦᠭᠡᠢ ᠶᠢ ᠢᠰᠦ᠋ᠰ ᠥᠪᠡᠷ ᠢᠶᠡᠨ ᠭᠡᠷᠡᠴᠢᠯᠡᠭᠰᠡᠨ ᠪᠢᠯᠡ᠃) 45 ᠭᠠᠯᠢᠯᠠᠶ᠎ᠠ ᠳᠤ ᠢᠷᠡᠬᠦ ᠳᠦᠨᠢ ᠭᠠᠯᠢᠯᠠᠴᠤᠳ ᠲᠡᠭᠦᠨ ᠢ ᠤᠭᠲᠤᠨ ᠠᠪᠤᠯ᠎ᠠ᠃ ᠲᠡᠳᠡ ᠪᠠᠰᠠ ᠪᠠᠶᠠᠷ ᠢᠶᠠᠷ ᠶᠧᠷᠦ᠋ᠰᠠᠯᠧᠮ ᠳᠤ ᠣᠴᠢᠭᠠᠳ ᠢᠰᠦ᠋ᠰ ᠤᠨ ᠲᠡᠨᠳᠡ ᠦᠢᠯᠡᠳᠦᠭᠰᠡᠨ ᠪᠦᠬᠦᠨ ᠢ ᠬᠠᠷᠠᠭᠰᠠᠨ ᠪᠠᠢᠵᠠᠢ᠃
 ᠲᠦᠰᠢᠮᠡᠯ ᠦᠨ ᠬᠦᠦ ᠶᠢ ᠡᠳᠡᠭᠡᠭᠡᠭᠰᠡᠨ ᠨᠢ

46 ᠢᠰᠦ᠋ᠰ ᠤᠰᠤ ᠶᠢ ᠦᠵᠦᠮ ᠦᠨ ᠳᠠᠷᠠᠰᠤ ᠪᠣᠯᠭᠠᠭᠰᠠᠨ ᠭᠠᠯᠢᠯᠠᠶ᠎ᠠ ᠶᠢᠨ ᠺᠠᠨᠠ ᠳᠤ ᠳᠠᠬᠢᠨ ᠣᠴᠢᠪᠠ᠃ ᠬᠠᠨ ᠤ ᠨᠢᠭᠡᠨ ᠲᠦᠰᠢᠮᠡᠯ ᠲᠡᠨᠳᠡ ᠪᠠᠢᠭᠰᠠᠨ ᠪᠥᠭᠡᠳ ᠬᠦᠦ ᠨᠢ ᠺᠠᠹᠠᠷᠨᠠᠦ᠋ᠮ ᠳᠤ ᠡᠪᠡᠳᠴᠢᠯᠡᠭᠰᠡᠨ ᠪᠠᠢᠯ᠎ᠠ᠃ 47 ᠲᠡᠷᠡ ᠲᠦᠰᠢᠮᠡᠯ ᠢᠰᠦ᠋ᠰ ᠤᠨ ᠶᠦᠳᠠᠢ ᠠᠴᠠ ᠭᠠᠯᠢᠯᠠᠶ᠎ᠠ ᠳᠤ ᠢᠷᠡᠭᠰᠡᠨ ᠢ ᠰᠣᠨᠣᠰᠣᠭᠠᠳ ᠲᠡᠭᠦᠨ ᠳᠦ ᠣᠴᠢᠵᠤ᠄ 《ᠺᠠᠹᠠᠷᠨᠠᠦ᠋ᠮ ᠳᠤ ᠬᠦᠷᠴᠦ ᠮᠢᠨᠦ ᠬᠦᠦ ᠶᠢ ᠡᠳᠡᠭᠡᠭᠡᠭᠡᠳ ᠥᠭᠭᠥᠭᠡᠴᠢ》 ᠭᠡᠵᠦ ᠭᠤᠶᠤᠪᠠ᠃ ᠲᠡᠭᠡᠬᠦ ᠳᠦ ᠬᠦᠦ ᠨᠢ ᠦᠬᠦᠮᠡᠷ ᠪᠠᠢᠭᠰᠠᠨ ᠠᠵᠢ᠃ 48 ᠢᠰᠦ᠋ᠰ᠄ 《ᠲᠠ ᠨᠠᠷ ᠰᠢᠳᠢ ᠲᠡᠮᠳᠡᠭ ᠪᠠ ᠭᠠᠢᠬᠠᠮᠰᠢᠭ ᠢ ᠦᠵᠡᠬᠦ ᠦᠭᠡᠢ ᠪᠣᠯ ᠶᠡᠷᠦ ᠢᠲᠡᠭᠡᠬᠦ ᠦᠭᠡᠢ》 ᠭᠡᠵᠦ ᠬᠡᠯᠡᠬᠦ ᠳᠦ᠂ 49 ᠲᠦᠰᠢᠮᠡᠯ᠄ 《ᠡᠵᠡᠨ ᠡ᠂ ᠬᠡᠦᠬᠡᠳ ᠢ ᠮᠢᠨᠢ ᠦᠬᠦᠬᠦ ᠡᠴᠡ ᠨᠢ ᠡᠮᠦᠨ᠎ᠡ ᠣᠴᠢᠭᠠᠴᠢ》 ᠭᠡᠯ᠎ᠡ᠃ 50 ᠢᠰᠦ᠋ᠰ᠄ 《ᠶᠠᠪᠤ᠂ ᠬᠦᠦ ᠴᠢᠨᠢ ᠠᠮᠢᠳᠤᠷᠠᠨ᠎ᠠ》 ᠭᠡᠬᠦ ᠳᠦ᠂ ᠲᠡᠷᠡ ᠬᠥᠮᠦᠨ ᠢᠰᠦ᠋ᠰ ᠤᠨ ᠬᠡᠯᠡᠭᠰᠡᠨ ᠦᠭᠡ ᠶᠢ ᠢᠲᠡᠭᠡᠵᠦ ᠬᠠᠷᠢᠪᠠ᠃ 51 ᠲᠡᠢᠨ ᠬᠦ ᠶᠠᠪᠤᠲᠠᠯ᠎ᠠ ᠪᠣᠭᠣᠯ ᠤᠳ ᠨᠢ ᠢᠷᠡᠵᠦ᠂ ᠬᠦᠦ ᠶᠢᠨ ᠬᠢᠨᠢ ᠠᠮᠢᠳᠤ ᠪᠠᠢᠬᠤ ᠶᠢ ᠳᠤᠭᠤᠯᠭᠠᠯ᠎ᠠ᠃ 52 ᠲᠦᠰᠢᠮᠡᠯ ᠬᠦᠦ ᠶᠢᠨ ᠢᠶᠠᠨ ᠠᠯᠢ ᠴᠠᠭ ᠲᠤ ᠰᠠᠢᠵᠢᠷᠠᠵᠤ ᠡᠬᠢᠯᠡᠭᠰᠡᠨ ᠢ ᠠᠰᠠᠭᠤᠭᠰᠠᠨ ᠳᠤ᠂ 《ᠥᠴᠥᠭᠡᠳᠦᠷ ᠦᠳᠡ ᠶᠢᠨ ᠬᠣᠢᠨᠠᠬᠢ ᠨᠢᠭᠡ ᠴᠠᠭ ᠲᠤ ᠬᠠᠯᠠᠭᠤᠨ ᠨᠢ ᠬᠠᠷᠢᠭᠰᠠᠨ》 ᠭᠡᠪᠡ᠃ 53 ᠢᠰᠦ᠋ᠰ ᠶᠠᠭ ᠲᠡᠷᠡ ᠴᠠᠭ ᠲᠤ᠄ 《ᠬᠦᠦ ᠴᠢᠨᠢ ᠠᠮᠢᠳᠤᠷᠠᠨ᠎ᠠ》 ᠭᠡᠵᠦ ᠬᠡᠯᠡᠭᠰᠡᠨ ᠢ ᠡᠴᠢᠭᠡ ᠨᠢ ᠤᠬᠠᠮᠰᠠᠷᠯᠠᠭᠠᠳ ᠪᠦᠬᠦ ᠭᠡᠷ ᠢᠶᠡᠷ ᠢᠶᠠᠨ ᠢᠲᠡᠭᠡᠵᠡᠢ᠃ 54 ᠢᠰᠦ᠋ᠰ ᠤᠨ ᠶᠦᠳᠠᠢ ᠠᠴᠠ ᠭᠠᠯᠢᠯᠠᠶ᠎ᠠ ᠳᠤ ᠢᠷᠡᠭᠡᠳ ᠦᠢᠯᠡᠳᠦᠭᠰᠡᠨ ᠬᠣᠶᠠᠳᠠᠬᠢ ᠰᠢᠳᠢ ᠲᠡᠮᠳᠡᠭ ᠨᠢ ᠡᠨᠡ ᠶᠤᠮ᠃