ᠶᠣᠬᠠᠨ ᠠᠷᠪᠠᠨ ᠭᠤᠷᠪᠠ
ᠢᠰᠦ᠋ᠰ ᠱᠠᠪᠢ ᠨᠠᠷ ᠤᠨ ᠢᠶᠠᠨ ᠬᠥᠯ ᠢ ᠤᠬᠢᠶᠠᠭᠰᠠᠨ ᠨᠢ
1 ᠭᠡᠲᠦᠯᠭᠡᠭᠰᠡᠨ ᠦ ᠪᠠᠶᠠᠷ ᠠᠴᠠ ᠡᠮᠦᠨ᠎ᠡ ᠢᠰᠦ᠋ᠰ ᠡᠨᠡ ᠶᠢᠷᠲᠢᠨᠴᠦ ᠡᠴᠡ ᠰᠠᠯᠵᠤ ᠡᠴᠢᠭᠡ ᠤᠷᠤᠭᠤ ᠪᠠᠨ ᠪᠤᠴᠠᠬᠤ ᠴᠠᠭ ᠨᠢ ᠪᠣᠯᠣᠭᠰᠠᠨ ᠢᠶᠠᠨ ᠮᠡᠳᠡᠪᠡ᠃ ᠲᠡᠷᠡ ᠶᠢᠷᠲᠢᠨᠴᠦ ᠳᠦ ᠪᠠᠢᠭ᠎ᠠ ᠥᠪᠡᠷ ᠦᠨ ᠬᠢᠨ ᠢᠶᠠᠨ ᠬᠠᠢᠷᠠᠯᠠᠨ ᠲᠡᠳᠡᠨ ᠢ ᠡᠴᠦᠰ ᠲᠤᠨᠢ ᠲᠤᠯᠲᠠᠯ᠎ᠠ ᠬᠠᠢᠷᠠᠯᠠᠪᠠ᠃ 2 ᠣᠷᠣᠢ ᠶᠢᠨ ᠵᠣᠭᠣᠭ ᠪᠣᠯᠪᠠ᠃ ᠢᠰᠦ᠋ᠰ ᠢ ᠪᠠᠷᠢᠭᠤᠯᠬᠤ ᠪᠣᠳᠣᠯ ᠢ ᠰᠠᠲ᠋ᠠᠨ ᠰᠢᠮᠣᠨ ᠤ ᠬᠦᠦ ᠢᠰᠺᠠᠷᠢᠣᠲ ᠤᠨ ᠶᠦᠳᠠ ᠶᠢᠨ ᠰᠡᠳᠬᠢᠯ ᠳᠤ ᠬᠡᠳᠦᠢᠨᠡᠢ ᠣᠷᠣᠭᠤᠯᠤᠭᠰᠠᠨ ᠪᠠᠢᠯ᠎ᠠ᠃ 3 ᠡᠴᠢᠭᠡ ᠨᠢ ᠪᠦᠬᠦ ᠶᠠᠭᠤᠮ᠎ᠠ ᠪᠠᠨ ᠥᠪᠡᠷ ᠦᠨ ᠬᠢᠨᠢ ᠭᠠᠷ ᠲᠤ ᠥᠭᠭᠥᠭᠰᠡᠨ ᠢ᠂ ᠮᠥᠨ ᠪᠤᠷᠬᠠᠨ ᠠᠴᠠ ᠢᠷᠡᠭᠡᠳ ᠪᠤᠷᠬᠠᠨ ᠤᠷᠤᠭᠤ ᠪᠤᠴᠠᠨ ᠶᠠᠪᠤᠬᠤ ᠪᠠᠨ ᠢᠰᠦ᠋ᠰ ᠮᠡᠳᠡᠭᠡᠳ 4 ᠵᠣᠭᠣᠭ ᠤᠨ ᠰᠢᠷᠡᠭᠡᠨ ᠡᠴᠡ ᠪᠣᠰᠴᠤ᠂ ᠭᠠᠳᠠᠭᠤᠷ ᠬᠤᠪᠴᠠᠰᠤ ᠪᠠᠨ ᠲᠠᠢᠯᠤᠨ ᠠᠯᠴᠢᠭᠤᠷ ᠠᠪᠴᠤ ᠪᠦᠰᠡᠯᠡᠪᠡ᠃ 5 ᠲᠡᠭᠡᠭᠡᠳ ᠭᠠᠳᠤᠷ᠎ᠠ ᠳᠤ ᠤᠰᠤ ᠬᠢᠵᠦ᠂ ᠱᠠᠪᠢ ᠨᠠᠷ ᠤᠨ ᠢᠶᠠᠨ ᠬᠥᠯ ᠢ ᠤᠭᠢᠶᠠᠭᠠᠳ᠂ ᠪᠦᠰᠡᠯᠡᠭᠰᠡᠨ ᠠᠯᠴᠢᠭᠤᠷ ᠢᠶᠠᠷ ᠢᠶᠠᠨ ᠠᠷᠴᠢᠵᠤ ᠡᠬᠢᠯᠡᠪᠡ᠃ 6 ᠰᠢᠮᠣᠨ ᠫᠧᠲ᠋ᠧᠷ ᠲᠤ ᠬᠦᠷᠬᠦ ᠳᠦ ᠲᠡᠷᠡ᠄ 《ᠡᠵᠡᠨ ᠡ᠂ ᠲᠠ ᠮᠢᠨᠦ ᠬᠥᠯ ᠢ ᠤᠭᠢᠶᠠᠬᠤ ᠨᠢ ᠤᠤ︖》 ᠭᠡᠬᠦ ᠳᠦ᠂ 7 ᠢᠰᠦ᠋ᠰ᠄ 《ᠴᠢ ᠮᠢᠨᠦ ᠶᠠᠭᠤ ᠬᠢᠵᠦ ᠪᠠᠢᠭ᠎ᠠ ᠶᠢ ᠣᠳᠣ ᠮᠡᠳᠡᠬᠦ ᠦᠭᠡᠢ ᠪᠣᠯᠪᠠᠴᠤ ᠬᠣᠵᠢᠮ ᠣᠢᠯᠠᠭᠠᠨ᠎ᠠ》 ᠭᠡᠵᠦ ᠬᠠᠷᠢᠭᠤᠯᠪᠠ᠃ 8 ᠫᠧᠲ᠋ᠧᠷ᠄ 《ᠪᠢ ᠶᠡᠷᠦ ᠲᠠᠨ ᠢᠶᠠᠷ ᠬᠥᠯ ᠢᠶᠡᠨ ᠤᠬᠢᠶᠠᠯᠭᠠᠬᠤ ᠦᠭᠡᠢ》 ᠭᠡᠰᠡᠨ ᠳᠦ᠂ ᠢᠰᠦ᠋ᠰ᠄ 《ᠪᠢ ᠴᠢᠮᠠᠶᠢ ᠤᠭᠢᠶᠠᠬᠤ ᠦᠭᠡᠢ ᠪᠣᠯ ᠴᠢ ᠨᠠᠳᠠ ᠲᠠᠢ ᠬᠤᠪᠢ ᠦᠭᠡᠢ》 ᠭᠡᠯᠡ᠃ 9 ᠲᠡᠭᠡᠲᠡᠯ᠎ᠡ ᠰᠢᠮᠣᠨ ᠫᠧᠲ᠋ᠧᠷ᠄ 《ᠡᠵᠡᠨ ᠡ᠂ ᠵᠥᠪᠬᠡᠨ ᠬᠥᠯ ᠢ ᠪᠢᠰᠢ᠂ ᠪᠠᠰᠠ ᠭᠠᠷ᠂ ᠲᠣᠯᠣᠭᠠᠢ ᠶᠢ ᠮᠢᠨᠢ ᠴᠤ ᠤᠭᠢᠶᠠᠭᠠᠴᠢ》 ᠭᠡᠵᠦ ᠬᠡᠯᠡᠭᠰᠡᠨ ᠳᠦ᠂ 10 ᠢᠰᠦ᠋ᠰ᠄ 《ᠪᠡᠶ᠎ᠡ ᠪᠡᠨ ᠤᠭᠢᠶᠠᠭᠰᠠᠨ ᠬᠥᠮᠦᠨ ᠪᠦᠬᠦ ᠪᠡᠶ᠎ᠡ ᠨᠢ ᠴᠡᠪᠡᠷ ᠤᠴᠢᠷ ᠠᠴᠠ ᠬᠥᠯ ᠢᠶᠡᠨ ᠯᠠ ᠤᠭᠢᠶᠠᠪᠠᠯ ᠪᠣᠯᠣᠨ᠎ᠠ᠃ ᠲᠠ ᠨᠠᠷ ᠴᠡᠪᠡᠷ ᠪᠠᠢᠨ᠎ᠠ᠂ ᠭᠡᠬᠦ ᠳᠡᠭᠡᠨ ᠴᠥᠮ ᠢᠶᠡᠷ ᠢᠶᠠᠨ ᠪᠢᠰᠢ ᠰᠢᠦ》 ᠭᠡᠯᠡ᠃ 11 ᠢᠰᠦ᠋ᠰ ᠥᠪᠡᠷ ᠢ ᠨᠢ ᠪᠠᠷᠢᠭᠤᠯᠬᠤ ᠬᠥᠮᠦᠨ ᠢ ᠮᠡᠳᠡᠵᠦ ᠪᠠᠢᠭᠰᠠᠨ ᠤᠴᠢᠷ ᠠᠴᠠ 《ᠴᠥᠮ ᠢᠶᠡᠷ ᠢᠶᠠᠨ ᠴᠡᠪᠡᠷ ᠭᠡᠰᠡᠨ ᠪᠢᠰᠢ》 ᠭᠡᠵᠦ ᠬᠡᠯᠡᠵᠡᠢ᠃
12 ᠢᠰᠦ᠋ᠰ ᠲᠡᠳᠡᠨ ᠦ ᠬᠥᠯ ᠢ ᠤᠭᠢᠶᠠᠭᠰᠠᠨ ᠤ ᠳᠠᠷᠠᠭ᠎ᠠ᠂ ᠬᠤᠪᠴᠠᠰᠤ ᠪᠠᠨ ᠡᠮᠦᠰᠴᠦ ᠳᠠᠬᠢᠨ ᠣᠷᠣᠨ ᠳᠠᠭᠠᠨ ᠰᠠᠭᠤᠭᠠᠳ᠄ 《ᠲᠠ ᠨᠠᠷ ᠲᠤ ᠶᠠᠭᠤ ᠬᠢᠵᠦ ᠥᠭᠭᠥᠭᠰᠡᠨ ᠢ ᠮᠢᠨᠢ ᠣᠢᠯᠠᠭᠠᠵᠤ ᠪᠠᠢᠨ᠎ᠠ ᠤᠤ︖ 13 ᠲᠠ ᠨᠠᠷ ᠨᠠᠮᠠᠶᠢ ᠪᠠᠭᠰᠢ᠂ ᠡᠵᠡᠨ ᠭᠡᠵᠦ ᠳᠠᠭᠤᠳᠠᠳᠠᠭ ᠴᠢᠨᠢ ᠵᠥᠪ᠂ ᠪᠢ ᠮᠥᠨ ᠪᠠᠢᠨ᠎ᠠ᠃ 14 ᠡᠵᠡᠨ ᠪᠥᠭᠡᠳ ᠪᠠᠭᠰᠢ ᠴᠢᠨᠢ ᠪᠢ ᠲᠠ ᠨᠠᠷ ᠤᠨ ᠬᠥᠯ ᠢ ᠤᠭᠢᠶᠠᠭᠰᠠᠨ᠂ ᠲᠠ ᠨᠠᠷ ᠴᠤ ᠨᠢᠭᠡ ᠨᠢᠭᠡᠨ ᠦ ᠪᠠᠨ ᠬᠥᠯ ᠢ ᠤᠭᠢᠶᠠᠬᠤ ᠶᠣᠰᠣᠲᠠᠢ᠃ 15 ᠮᠢᠨᠦ ᠲᠠ ᠨᠠᠷ ᠲᠤ ᠬᠢᠭᠰᠡᠨ ᠶᠣᠰᠣᠭᠠᠷ ᠲᠠ ᠨᠠᠷ ᠢ ᠴᠤ ᠬᠢᠭᠡᠰᠡᠢ ᠭᠡᠵᠦ ᠪᠢ ᠵᠢᠱᠢᠶ᠎ᠡ ᠦᠵᠡᠭᠦᠯᠦᠭᠰᠡᠨ ᠶᠤᠮ᠃ 16 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠪᠣᠭᠣᠯ ᠨᠢ ᠡᠵᠡᠨ ᠡᠴᠡ ᠪᠡᠨ ᠠᠭᠤᠤ ᠪᠠᠢᠳᠠᠭ ᠦᠭᠡᠢ᠂ ᠮᠥᠨ ᠢᠯᠡᠭᠡᠭᠳᠡᠭᠴᠢ ᠨᠢ ᠢᠯᠡᠭᠡᠭᠴᠢ ᠡᠴᠡ ᠪᠡᠨ ᠠᠭᠤᠤ ᠪᠢᠰᠢ ᠶᠤᠮ᠃ 17 ᠲᠠ ᠨᠠᠷ ᠡᠳᠡᠭᠡᠷ ᠢ ᠮᠡᠳᠡᠵᠦ᠂ ᠦᠢᠯᠡᠳᠪᠡᠯ ᠢᠪᠡᠭᠡᠭᠳᠡᠨ᠎ᠡ᠃ 18 ᠪᠢ ᠲᠠ ᠪᠦᠭᠦᠳᠡ ᠶᠢᠨ ᠲᠤᠬᠠᠢ ᠶᠠᠷᠢᠭᠰᠠᠨ ᠪᠢᠰᠢ᠂ ᠰᠣᠩ᠋ᠭᠣᠭᠳᠠᠭᠰᠠᠳ ᠢᠶᠠᠨ ᠪᠢ ᠮᠡᠳᠡᠨ᠎ᠡ᠃ ᠬᠠᠷᠢᠨ 〈ᠮᠢᠨᠦ ᠪᠣᠣᠪᠣ ᠶᠢ ᠢᠳᠡᠭᠴᠢ ᠮᠢᠨᠦ ᠥᠭᠡᠳᠡ ᠡᠴᠡ ᠢᠰᠭᠦᠯᠪᠡ〉 ᠭᠡᠰᠡᠨ ᠡᠰᠢᠯᠡᠯ ᠲᠡᠢᠨ ᠬᠦ ᠪᠡᠶᠡᠯᠡᠭᠳᠡᠨ᠎ᠡ᠃ 19 ᠡᠨᠡ ᠶᠠᠪᠤᠳᠠᠯ ᠪᠡᠶᠡᠯᠡᠭᠳᠡᠬᠦ ᠡᠴᠡ ᠡᠮᠦᠨ᠎ᠡ ᠪᠢ ᠲᠠ ᠨᠠᠷ ᠲᠤ ᠬᠡᠯᠡᠯ᠎ᠡ᠂ ᠡᠢᠮᠦ ᠡᠴᠡ ᠶᠠᠪᠤᠳᠠᠯ ᠪᠡᠶᠡᠯᠡᠭᠳᠡᠭᠰᠡᠨ ᠦ ᠳᠠᠷᠠᠭ᠎ᠠ᠂ ᠲᠠ ᠨᠠᠷ ᠨᠠᠮᠠᠶᠢ ᠲᠡᠷᠡ ᠮᠥᠨ ᠭᠡᠵᠦ ᠢᠲᠡᠭᠡᠬᠦ ᠪᠣᠯᠣᠨ᠎ᠠ᠃ 20 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠮᠢᠨᠦ ᠢᠯᠡᠭᠡᠭᠰᠡᠨ ᠬᠥᠮᠦᠨ ᠢ ᠬᠦᠯᠢᠶᠡᠨ ᠠᠪᠤᠭᠴᠢ ᠨᠢ ᠨᠠᠮᠠᠶᠢ ᠬᠦᠯᠢᠶᠡᠨ ᠠᠪᠤᠨ᠎ᠠ᠂ ᠨᠠᠮᠠᠶᠢ ᠬᠦᠯᠢᠶᠡᠨ ᠠᠪᠤᠭᠴᠢ ᠨᠢ ᠨᠠᠮᠠᠶᠢ ᠢᠯᠡᠭᠡᠭᠰᠡᠨ ᠨᠢᠭᠡᠨ ᠢ ᠬᠦᠯᠢᠶᠡᠨ ᠠᠪᠤᠨ᠎ᠠ》 ᠭᠡᠯᠡ᠃
ᠢᠰᠦ᠋ᠰ ᠬᠤᠳᠠᠯᠳᠤᠭᠳᠠᠬᠤ ᠪᠠᠨ ᠬᠡᠯᠡᠭᠰᠡᠨ ᠨᠢ
21 ᠢᠰᠦ᠋ᠰ ᠡᠳᠡᠭᠡᠷ ᠢ ᠬᠡᠯᠡᠭᠡᠳ᠂ ᠰᠦᠨᠡᠰᠦ ᠨᠢ ᠰᠢᠨᠠᠯᠵᠤ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠲᠠ ᠨᠠᠷ ᠤᠨ ᠳᠣᠲᠣᠷ᠎ᠠ ᠠᠴᠠ ᠨᠢᠭᠡ ᠨᠢ ᠨᠠᠮᠠᠶᠢ ᠪᠠᠷᠢᠭᠤᠯᠤᠨ᠎ᠠ》 ᠭᠡᠵᠦ ᠲᠣᠳᠣᠷᠬᠠᠢ ᠬᠡᠯᠡᠪᠡ᠃ 22 ᠱᠠᠪᠢ ᠨᠠᠷ ᠨᠢ ᠬᠡᠨ ᠦ ᠲᠤᠬᠠᠢ ᠬᠡᠯᠡᠵᠦ ᠪᠠᠢᠭ᠎ᠠ ᠶᠢ ᠨᠢ ᠮᠡᠳᠡᠵᠦ ᠶᠠᠳᠠᠨ ᠪᠡᠶ᠎ᠡ ᠪᠡᠶ᠎ᠡ ᠤᠷᠤᠭᠤ ᠪᠠᠨ ᠰᠢᠷᠲᠡᠯᠴᠡᠵᠦ ᠪᠠᠢᠯ᠎ᠠ᠃ 23 ᠲᠡᠭᠡᠬᠦ ᠳᠦ ᠢᠰᠦ᠋ᠰ ᠤᠨ ᠬᠠᠢᠷᠠᠲᠠᠢ ᠲᠡᠷᠡ ᠱᠠᠪᠢ ᠲᠡᠭᠦᠨ ᠦ ᠡᠪᠦᠷ ᠦᠨ ᠳᠡᠷᠭᠡᠳᠡ ᠬᠠᠵᠠᠭᠤᠯᠠᠨ ᠰᠠᠭᠤᠵᠤ ᠪᠠᠢᠪᠠ᠃ 24 ᠰᠢᠮᠣᠨ ᠫᠧᠲ᠋ᠧᠷ ᠲᠡᠭᠦᠨ ᠤᠷᠤᠭᠤ ᠳᠣᠬᠢᠵᠤ᠄ 《ᠬᠡᠨ ᠦ ᠲᠤᠬᠠᠢ ᠬᠡᠯᠡᠵᠦ ᠪᠠᠢᠭ᠎ᠠ ᠶᠢ ᠨᠢ ᠠᠰᠠᠭᠤᠭᠠᠳᠠᠬᠠ》 ᠭᠡᠰᠡᠨ ᠳᠦ᠂ 25 ᠲᠡᠷᠡ ᠢᠰᠦ᠋ᠰ ᠤᠨ ᠴᠡᠭᠡᠵᠢ ᠶᠢ ᠨᠠᠯᠠᠨ᠄ 《ᠡᠵᠡᠨ ᠡ᠂ ᠲᠡᠷᠡ ᠨᠢ ᠬᠡᠨ ᠪᠤᠢ︖》 ᠭᠡᠪᠡ᠃ 26 ᠢᠰᠦ᠋ᠰ ᠬᠠᠷᠢᠭᠤ ᠳᠤᠨᠢ᠄ 《ᠪᠢ ᠡᠨᠡ ᠪᠣᠣᠪᠣ ᠶᠢ ᠳᠦᠷᠦᠭᠡᠳ ᠬᠡᠨ ᠳᠦ ᠥᠭᠪᠡᠯ ᠲᠡᠷᠡ ᠮᠥᠨ》 ᠭᠡᠵᠦ ᠬᠡᠯᠡᠭᠡᠳ ᠪᠣᠣᠪᠣ ᠶᠢᠨ ᠬᠡᠯᠲᠡᠷᠬᠡᠢ ᠶᠢ ᠳᠦᠷᠦᠵᠦ᠂ ᠢᠰᠺᠠᠷᠢᠣᠲ ᠤᠨ ᠰᠢᠮᠣᠨ ᠤ ᠬᠦᠦ ᠶᠦᠳᠠ ᠳᠤ ᠥᠭᠪᠡ᠃ 27 ᠲᠡᠷᠡ ᠪᠡᠷ ᠪᠣᠣᠪᠣ ᠶᠢ ᠠᠪᠤᠭᠰᠠᠨ ᠤ ᠳᠠᠷᠠᠭ᠎ᠠ᠂ ᠰᠠᠲ᠋ᠠᠨ ᠲᠡᠭᠦᠨ ᠦ ᠳᠣᠲᠣᠷ᠎ᠠ ᠣᠷᠣᠪᠠ᠃ ᠢᠰᠦ᠋ᠰ ᠶᠦᠳᠠ ᠳᠤ᠄ 《ᠴᠢ ᠬᠢᠬᠦ ᠭᠡᠵᠦ ᠪᠠᠢᠭ᠎ᠠ ᠪᠠᠨ ᠲᠦᠷᠭᠡᠨ ᠬᠢ》 ᠭᠡᠯᠡ᠃ 28 ᠭᠡᠪᠡᠴᠦ ᠢᠰᠦ᠋ᠰ ᠶᠠᠭᠤᠨ ᠤ ᠤᠴᠢᠷ ᠠᠴᠠ ᠲᠡᠭᠦᠨ ᠳᠦ ᠲᠡᠭᠡᠵᠦ ᠬᠡᠯᠡᠭᠰᠡᠨ ᠢ ᠬᠠᠮᠲᠤ ᠰᠠᠭᠤᠭᠰᠠᠳ ᠤᠨ ᠬᠡᠨ ᠨᠢ ᠴᠤ ᠣᠢᠯᠠᠭᠠᠭᠰᠠᠨ ᠦᠭᠡᠢ᠃ 29 ᠵᠣᠭᠣᠰᠣᠨ ᠤ ᠬᠠᠢᠷᠴᠠᠭ ᠶᠦᠳᠠ ᠳᠤ ᠪᠠᠢᠳᠠᠭ ᠪᠣᠯᠬᠣᠷ ᠢᠰᠦ᠋ᠰ ᠲᠡᠭᠦᠨ ᠳᠦ 《ᠪᠠᠶᠠᠷ ᠲᠤ ᠵᠣᠷᠢᠭᠤᠯᠤᠨ ᠪᠢᠳᠡᠨ ᠳᠦ ᠬᠡᠷᠡᠭ ᠲᠡᠢ ᠶᠠᠭᠤᠮ᠎ᠠ ᠶᠢ ᠬᠤᠳᠠᠯᠳᠤᠨ ᠠᠪ》᠂ ᠡᠰᠡᠪᠡᠯ 《ᠶᠠᠳᠠᠭᠤᠴᠤᠳ ᠲᠤ ᠶᠠᠭᠤᠮ᠎ᠠ ᠥᠭ》 ᠭᠡᠵᠦ ᠬᠡᠯᠡᠭᠰᠡᠨ ᠬᠡᠮᠡᠨ ᠵᠠᠷᠢᠮ ᠨᠢ ᠪᠣᠳᠣᠵᠠᠢ᠃ 30 ᠶᠦᠳᠠ ᠪᠣᠣᠪᠣ ᠶᠢᠨ ᠬᠡᠯᠲᠡᠷᠬᠡᠢ ᠶᠢ ᠠᠪᠤᠮᠠᠭᠴᠠ ᠪᠠᠨ ᠭᠠᠷᠴᠤ ᠶᠠᠪᠤᠪᠠ᠃ ᠲᠡᠭᠡᠬᠦ ᠳᠦ ᠰᠥᠨᠢ ᠪᠣᠯᠣᠭᠰᠠᠨ ᠪᠠᠢᠯ᠎ᠠ᠃
31 ᠶᠦᠳᠠ ᠭᠠᠷᠤᠭᠰᠠᠨ ᠤ ᠳᠠᠷᠠᠭ᠎ᠠ᠂ ᠢᠰᠦ᠋ᠰ᠄ 《ᠣᠳᠣ ᠬᠥᠮᠦᠨ ᠦ ᠬᠦᠦ ᠠᠯᠳᠠᠷ ᠰᠤᠤ ᠶᠢ ᠣᠯᠵᠤ᠂ ᠪᠤᠷᠬᠠᠨ ᠴᠤ ᠲᠡᠭᠦᠨ ᠡᠴᠡ ᠪᠣᠯᠵᠤ ᠠᠯᠳᠠᠷ ᠰᠤᠤ ᠶᠢ ᠣᠯᠣᠯ᠎ᠠ᠃ 32 ᠪᠤᠷᠬᠠᠨ ᠲᠡᠭᠦᠨ ᠢᠶᠡᠷ ᠳᠠᠮᠵᠢᠨ ᠠᠯᠳᠠᠷ ᠰᠤᠤ ᠣᠯᠣᠭᠰᠠᠨ ᠪᠣᠯ᠂ ᠪᠤᠷᠬᠠᠨ ᠴᠤ ᠥᠪᠡᠷ ᠡᠴᠡ ᠪᠡᠨ ᠪᠣᠯᠵᠤ ᠲᠡᠭᠦᠨ ᠢ ᠠᠯᠳᠠᠷᠰᠢᠭᠤᠯᠬᠤ ᠪᠥᠭᠡᠳ ᠳᠠᠷᠤᠢ ᠲᠦᠷᠭᠡᠨ ᠠᠯᠳᠠᠷᠰᠢᠭᠤᠯᠤᠨ᠎ᠠ᠃ 33 ᠬᠡᠦᠬᠡᠳ ᠤᠳ ᠮᠢᠨᠢ ᠡ 19 ᠂ ᠪᠢ ᠲᠠ ᠨᠠᠷ ᠲᠠᠢ ᠲᠦᠷ ᠴᠠᠭ ᠯᠠ ᠬᠠᠮᠲᠤ ᠪᠠᠢᠬᠤ ᠪᠣᠯᠣᠨ᠎ᠠ᠃ ᠲᠠ ᠨᠠᠷ ᠨᠠᠮᠠᠶᠢ ᠡᠷᠢᠬᠦ ᠪᠣᠯᠣᠨ᠎ᠠ᠃ ᠬᠠᠷᠢᠨ ᠪᠢ ᠶᠦᠳᠠᠢᠴᠤᠳ ᠲᠤ ᠬᠡᠯᠡᠭᠰᠡᠨᠴᠢᠯᠡᠨ ᠣᠳᠣ ᠲᠠ ᠨᠠᠷ ᠲᠤ ᠴᠤ ᠬᠡᠯᠡᠶ᠎ᠡ᠂ 〈ᠮᠢᠨᠦ ᠣᠴᠢᠬᠤ ᠭᠠᠵᠠᠷ ᠲᠤ ᠲᠠ ᠨᠠᠷ ᠬᠦᠷᠴᠦ ᠴᠢᠳᠠᠬᠤ ᠦᠭᠡᠢ᠃〉 34 ᠪᠢ ᠲᠠ ᠨᠠᠷ ᠲᠤ ᠰᠢᠨ᠎ᠡ ᠵᠠᠷᠯᠢᠭ ᠥᠭᠭᠥᠶ᠎ᠡ᠂ ᠨᠢᠭᠡ ᠨᠢᠭᠡ ᠪᠡᠨ ᠬᠠᠢᠷᠠᠯᠠᠭᠲᠤᠨ᠂ ᠲᠠ ᠨᠠᠷ ᠢ ᠬᠠᠢᠷᠠᠯᠠᠳᠠᠭ ᠲᠠᠢ ᠮᠢᠨᠢ ᠠᠳᠠᠯᠢ ᠲᠠ ᠨᠠᠷ ᠴᠤ ᠨᠢᠭᠡ ᠨᠢᠭᠡ ᠪᠡᠨ ᠬᠠᠢᠷᠠᠯᠠᠭᠲᠤᠨ᠃ 35 ᠬᠡᠷᠪᠡ ᠲᠠ ᠨᠠᠷ ᠨᠢᠭᠡ ᠨᠢᠭᠡ ᠪᠡᠨ ᠬᠠᠢᠷᠠᠯᠠᠳᠠᠭ ᠶᠤᠮ ᠪᠣᠯ᠂ ᠪᠦᠬᠦ ᠬᠥᠮᠦᠨ ᠡᠭᠦᠨ ᠢᠶᠡᠷ ᠴᠢᠨᠢ ᠲᠠ ᠨᠠᠷ ᠢ ᠮᠢᠨᠦ ᠱᠠᠪᠢ ᠨᠠᠷ ᠭᠡᠵᠦ ᠮᠡᠳᠡᠬᠦ ᠪᠣᠯᠣᠨ᠎ᠠ》 ᠭᠡᠯᠡ᠃
36 ᠰᠢᠮᠣᠨ ᠫᠧᠲ᠋ᠧᠷ ᠲᠡᠭᠦᠨ ᠳᠦ᠄ 《ᠡᠵᠡᠨ ᠡ᠂ ᠲᠠ ᠬᠠᠮᠢᠭ᠎ᠠ ᠣᠴᠢᠬᠤ ᠶᠤᠮ ᠪᠤᠢ︖》 ᠭᠡᠰᠡᠨ ᠳᠦ᠂ ᠢᠰᠦ᠋ᠰ᠄ 《ᠮᠢᠨᠦ ᠣᠴᠢᠬᠤ ᠭᠠᠵᠠᠷ ᠲᠤ ᠴᠢ ᠡᠳᠦᠭᠡ ᠳᠠᠭᠠᠵᠤ ᠶᠠᠪᠤᠵᠤ ᠴᠢᠳᠠᠬᠤ ᠦᠭᠡᠢ᠂ ᠬᠠᠷᠢᠨ ᠬᠣᠵᠢᠮ ᠳᠠᠭᠠᠵᠤ ᠴᠢᠳᠠᠨ᠎ᠠ》 ᠭᠡᠯᠡ᠃ 37 ᠫᠧᠲ᠋ᠧᠷ᠄ 《ᠡᠵᠡᠨ ᠡ᠂ ᠶᠠᠭᠠᠬᠢᠭᠠᠳ ᠡᠳᠦᠭᠡ ᠲᠠᠨ ᠢ ᠳᠠᠭᠠᠵᠤ ᠴᠢᠳᠠᠬᠤ ᠦᠭᠡᠢ ᠶᠤᠮ ᠪᠤᠢ︖ ᠪᠢ ᠲᠠᠨ ᠤ ᠲᠥᠯᠥᠭᠡ ᠠᠮᠢ ᠪᠠᠨ ᠵᠣᠷᠢᠭᠤᠯᠤᠶ᠎ᠠ》 ᠭᠡᠬᠦ ᠳᠦ᠂ 38 ᠢᠰᠦ᠋ᠰ ᠬᠠᠷᠢᠭᠤ ᠳᠤᠨᠢ᠄ 《ᠴᠢ ᠮᠢᠨᠦ ᠲᠥᠯᠥᠭᠡ ᠠᠮᠢ ᠪᠠᠨ ᠵᠣᠷᠢᠭᠤᠯᠤᠨ᠎ᠠ ᠭᠡᠨ᠎ᠡ ᠤᠤ︖ ᠴᠢᠮ᠎ᠠ ᠳᠤ ᠦᠨᠡᠬᠡᠷ ᠪᠠᠲᠤᠲᠠᠢ ᠬᠡᠯᠡᠶ᠎ᠡ᠂ ᠲᠠᠬᠢᠶ᠎ᠠ ᠳᠤᠤᠭᠠᠷᠬᠤ ᠠᠴᠠ ᠡᠮᠦᠨ᠎ᠡ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠪᠣᠯᠣᠨ᠎ᠠ᠃