1 2 3 4 5 6 7 8 9 10 11 12 13 14 15 16 17 18 19 20 21


ᠶᠣᠬᠠᠨ ᠠᠷᠪᠠᠨ ᠨᠠᠢ᠌ᠮᠠ
 ᠶᠦᠳᠠ ᠢᠰᠦ᠋ᠰ ᠡᠴᠡ ᠤᠷᠪᠠᠭᠰᠠᠨ ᠨᠢ

1 ᠢᠰᠦ᠋ᠰ ᠢᠩᠭᠢᠵᠦ ᠳᠠᠭᠠᠳᠬᠠᠭᠠᠳ ᠱᠠᠪᠢ ᠨᠠᠷ ᠤᠨ ᠢᠶᠠᠨ ᠬᠠᠮᠲᠤ ᠭᠠᠷᠴᠤ᠂ ᠺᠧᠳ᠋ᠷᠤᠨ ᠭᠤᠤ ᠶᠢ ᠭᠠᠲᠤᠯᠤᠭᠠᠳ ᠲᠡᠨᠳᠡ ᠪᠠᠢᠭᠰᠠᠨ ᠴᠡᠴᠡᠷᠯᠢᠭ ᠲᠤ ᠣᠷᠣᠪᠠ᠃ 2 ᠲᠡᠨᠳᠡ ᠢᠰᠦ᠋ᠰ ᠱᠠᠪᠢ ᠨᠠᠷ ᠲᠠᠢ ᠪᠠᠨ ᠳᠠᠩᠳᠠ ᠴᠤᠭᠯᠠᠷᠠᠳᠠᠭ ᠲᠤᠯᠠ ᠲᠡᠭᠦᠨ ᠢ ᠪᠠᠷᠢᠭᠤᠯᠬᠤ ᠶᠦᠳᠠ ᠴᠤ ᠲᠡᠷᠡ ᠭᠠᠵᠠᠷ ᠢ ᠮᠡᠳᠡᠳᠡᠭ ᠪᠠᠢᠵᠠᠢ᠃ 3 ᠲᠡᠢᠮᠦ ᠡᠴᠡ ᠶᠦᠳᠠ ᠠᠬᠠᠯᠠᠬᠤ ᠲᠠᠬᠢᠯᠴᠢᠳ ᠪᠣᠯᠣᠨ ᠹᠠᠷᠢᠰᠠᠢᠴᠤᠳ ᠤᠨ ᠢᠯᠡᠭᠡᠭᠰᠡᠨ ᠬᠠᠷᠠᠭᠤᠯ ᠤᠳ ᠤᠨ ᠬᠠᠮᠲᠤ ᠴᠡᠷᠢᠭ ᠳᠠᠭᠠᠭᠤᠯᠵᠤ ᠴᠡᠴᠡᠷᠯᠢᠭ ᠲᠤ ᠬᠦᠷᠴᠦ ᠢᠷᠡᠪᠡ᠃ ᠲᠡᠳᠡ ᠨᠠᠷ ᠳ᠋ᠧᠩᠯᠦ᠂ ᠪᠠᠮᠪᠠᠷ᠂ ᠵᠡᠪᠰᠡᠭ ᠪᠠᠷᠢᠵᠠᠭᠠᠵᠤ ᠪᠠᠢᠯ᠎ᠠ᠃ 4 ᠢᠰᠦ᠋ᠰ ᠥᠪᠡᠷ ᠲᠤᠨᠢ ᠲᠤᠯᠭᠠᠷᠠᠬᠤ ᠡᠨᠡ ᠪᠦᠭᠦᠳᠡ ᠶᠢ ᠮᠡᠳᠡᠭᠡᠳ ᠤᠷᠤᠭᠰᠢ ᠳᠠᠪᠰᠢᠨ ᠲᠡᠳᠡᠨ ᠳᠦ᠄ 《ᠲᠠ ᠨᠠᠷ ᠬᠡᠨ ᠢ ᠡᠷᠢᠨ᠎ᠡ ᠪᠤᠢ︖》 ᠭᠡᠯ᠎ᠡ᠂ 5 ᠲᠡᠳᠡ᠄ 《ᠨᠠᠽᠠᠷᠧᠲ ᠤᠨ ᠢᠰᠦ᠋ᠰ ᠢ》 ᠭᠡᠰᠡᠨ ᠳᠦ᠂ ᠢᠰᠦ᠋ᠰ᠄ 《ᠪᠢ ᠪᠠᠢᠨ᠎ᠠ》 ᠭᠡᠪᠡ᠃ ᠤᠷᠪᠠᠭᠴᠢ ᠶᠦᠳᠠ ᠴᠤ ᠲᠡᠳᠡᠨ ᠲᠡᠢ ᠬᠠᠮᠲᠤ ᠵᠣᠭᠰᠣᠵᠤ ᠪᠠᠢᠯ᠎ᠠ᠃ 6 ᠢᠰᠦ᠋ᠰ 《ᠪᠢ ᠪᠠᠢᠨ᠎ᠠ》 ᠭᠡᠵᠦ ᠬᠡᠯᠡᠩᠭᠦᠲᠡ ᠲᠡᠳᠡ ᠭᠡᠳᠡᠷᠭᠦ ᠤᠬᠤᠷᠢᠨ ᠭᠠᠵᠠᠷ ᠲᠤ ᠤᠨᠠᠵᠠᠭᠠᠪᠠ᠃ 7 ᠢᠰᠦ᠋ᠰ ᠳᠠᠬᠢᠨ᠄ 《ᠲᠠ ᠨᠠᠷ ᠬᠡᠨ ᠢ ᠡᠷᠢᠨ᠎ᠡ ᠪᠤᠢ︖》 ᠭᠡᠰᠡᠨ ᠳᠦ᠂ ᠲᠡᠳᠡ᠄ 《ᠨᠠᠽᠠᠷᠧᠲ ᠤᠨ ᠢᠰᠦ᠋ᠰ ᠢ》 ᠭᠡᠯ᠎ᠡ᠃ 8 ᠢᠰᠦ᠋ᠰ᠄ 《〈ᠪᠢ ᠪᠠᠢᠨ᠎ᠠ〉 ᠭᠡᠵᠦ ᠲᠠ ᠨᠠᠷ ᠲᠤ ᠬᠡᠯᠡᠭᠰᠡᠨ ᠪᠢᠵᠡ ᠳᠠ᠂ ᠬᠡᠷᠪᠡ ᠲᠠ ᠨᠠᠷ ᠨᠠᠮᠠᠶᠢ ᠡᠷᠢᠵᠦ ᠪᠠᠢᠭ᠎ᠠ ᠶᠤᠮ ᠪᠣᠯ ᠡᠳᠡᠭᠡᠷ ᠬᠥᠮᠦᠰ ᠢ ᠶᠠᠪᠤᠭᠤᠯ》 ᠭᠡᠪᠡ᠃ 9 ᠢᠩᠭᠢᠭᠰᠡᠨ ᠢᠶᠡᠷ 《ᠲᠠᠨ ᠤ ᠨᠠᠳᠠ ᠳᠤ ᠥᠭᠭᠥᠭᠰᠡᠨ ᠬᠥᠮᠦᠰ ᠡᠴᠡ ᠪᠢ ᠨᠢᠭᠡ ᠶᠢ ᠨᠢ ᠴᠤ ᠠᠯᠳᠠᠭ᠎ᠠ ᠦᠭᠡᠢ》 ᠭᠡᠰᠡᠨ ᠲᠡᠭᠦᠨ ᠦ ᠦᠭᠡ ᠪᠡᠶᠡᠯᠡᠭᠳᠡᠵᠡᠢ᠃ 10 ᠲᠡᠭᠡᠲᠡᠯ᠎ᠡ ᠰᠢᠮᠣᠨ ᠫᠧᠲ᠋ᠧᠷ ᠢᠯᠳᠦ ᠪᠡᠨ ᠰᠤᠭᠤᠯᠤᠨ ᠲᠡᠷᠢᠭᠦᠨ ᠲᠠᠬᠢᠯᠴᠢ ᠶᠢᠨ ᠵᠠᠷᠤᠴᠠ ᠶᠢᠨ ᠪᠠᠷᠠᠭᠤᠨ ᠴᠢᠬᠢ ᠶᠢ ᠲᠠᠰᠤ ᠴᠠᠪᠴᠢᠪᠠ᠃ ᠲᠡᠷᠡ ᠵᠠᠷᠤᠴᠠ ᠶᠢᠨ ᠨᠡᠷ᠎ᠡ ᠶᠢ ᠮᠠᠯᠺ ᠭᠡᠳᠡᠭ ᠠᠵᠢ᠃ 11 ᠢᠰᠦ᠋ᠰ ᠫᠧᠲ᠋ᠧᠷ ᠲᠤ᠄ 《ᠢᠯᠳᠦ ᠪᠡᠨ ᠬᠤᠢᠯᠠ᠂ ᠠᠪᠤ ᠶᠢᠨ ᠨᠠᠳᠠ ᠳᠤ ᠥᠭᠭᠥᠭᠰᠡᠨ ᠴᠣᠮᠣ ᠠᠴᠠ ᠪᠢ ᠤᠤᠭᠤᠬᠤ ᠦᠭᠡᠢ ᠪᠠᠢᠬᠤ ᠭᠡᠵᠢ ᠤᠤ︖》 ᠭᠡᠪᠡ᠃
 ᠢᠰᠦ᠋ᠰ ᠲᠡᠷᠢᠭᠦᠨ ᠲᠠᠬᠢᠯᠴᠢ ᠳᠤ ᠪᠠᠢᠴᠠᠭᠠᠭᠳᠠᠭᠰᠠᠨ ᠨᠢ

12 ᠲᠡᠭᠡᠲᠡᠯ᠎ᠡ ᠴᠡᠷᠢᠭ ᠤᠳ᠂ ᠮᠢᠩ᠋ᠭᠠᠲᠤ ᠶᠢᠨ ᠳᠠᠷᠤᠭ᠎ᠠ ᠪᠣᠯᠣᠨ ᠶᠦᠳᠠᠢᠴᠤᠳ ᠤᠨ ᠬᠠᠷᠠᠭᠤᠯ ᠤᠳ ᠢᠰᠦ᠋ᠰ ᠢ ᠪᠠᠷᠢᠵᠤ ᠬᠦᠯᠢᠭᠡᠳ 13 ᠤᠷᠢᠳᠠᠪᠠᠷ ᠾᠠᠨᠠᠰ ᠲᠤ ᠬᠦᠷᠭᠡᠪᠡ᠃ ᠾᠠᠨᠠᠰ ᠪᠣᠯ ᠲᠡᠷᠡ ᠵᠢᠯ ᠤᠨ ᠲᠡᠷᠢᠭᠦᠨ ᠲᠠᠬᠢᠯᠴᠢ ᠺᠠᠶᠠᠹᠠ ᠶᠢᠨ ᠬᠠᠳᠠᠮ ᠡᠴᠢᠭᠡ ᠶᠤᠮ᠃ 14 ᠺᠠᠶᠠᠹᠠ ᠪᠣᠯ 《ᠠᠷᠠᠳ ᠲᠦᠮᠡᠨ ᠦ ᠣᠷᠣᠨ ᠳᠤ ᠨᠢᠭᠡ ᠬᠥᠮᠦᠨ ᠦᠬᠦᠬᠦ ᠨᠢ ᠲᠤᠰᠠ ᠲᠠᠢ》 ᠭᠡᠵᠦ ᠶᠦᠳᠠᠢᠴᠤᠳ ᠲᠤ ᠵᠥᠪᠯᠡᠭᠰᠡᠨ ᠲᠡᠷᠡ ᠬᠥᠮᠦᠨ ᠪᠢᠯᠡ᠃

15 ᠰᠢᠮᠣᠨ ᠫᠧᠲ᠋ᠧᠷ ᠪᠠ ᠥᠭᠡᠷ᠎ᠡ ᠨᠢᠭᠡ ᠱᠠᠪᠢ ᠨᠢ ᠢᠰᠦ᠋ᠰ ᠢ ᠳᠠᠭᠠᠵᠤ ᠪᠠᠢᠪᠠ᠃ ᠲᠡᠷᠡ ᠱᠠᠪᠢ ᠨᠢ ᠲᠡᠷᠢᠭᠦᠨ ᠲᠠᠬᠢᠯᠴᠢ ᠶᠢ ᠲᠠᠨᠢᠳᠠᠭ ᠲᠤᠯᠠ ᠢᠰᠦ᠋ᠰ ᠢ ᠳᠠᠭᠠᠵᠤ ᠲᠡᠷᠢᠭᠦᠨ ᠲᠠᠬᠢᠯᠴᠢ ᠶᠢᠨ ᠬᠦᠷᠢᠶᠡᠨ ᠳᠦ ᠣᠷᠣᠭᠰᠠᠨ ᠪᠣᠯᠪᠠᠴᠤ 16 ᠫᠧᠲ᠋ᠧᠷ ᠬᠠᠭᠠᠯᠭᠠᠨ ᠤ ᠭᠠᠳᠠᠨ᠎ᠠ ᠦᠯᠡᠳᠡᠵᠡᠢ᠃ ᠡᠢᠮᠦ ᠡᠴᠡ ᠲᠡᠷᠢᠭᠦᠨ ᠲᠠᠬᠢᠯᠴᠢ ᠶᠢ ᠲᠠᠨᠢᠳᠠᠭ ᠨᠥᠭᠥᠭᠡ ᠱᠠᠪᠢ ᠪᠤᠴᠠᠵᠤ ᠢᠷᠡᠭᠡᠳ ᠡᠭᠦᠳᠡ ᠬᠠᠷᠠᠳᠠᠭ ᠰᠢᠪᠡᠭᠴᠢᠨ ᠳᠤ ᠶᠠᠷᠢᠵᠤ ᠫᠧᠲ᠋ᠧᠷ ᠢ ᠳᠣᠲᠣᠭᠰᠢ ᠣᠷᠣᠭᠤᠯᠪᠠ᠃ 17 ᠲᠡᠭᠡᠲᠡᠯ᠎ᠡ ᠡᠭᠦᠳᠡ ᠬᠠᠷᠠᠳᠠᠭ ᠰᠢᠪᠡᠭᠴᠢᠨ ᠫᠧᠲ᠋ᠧᠷ ᠲᠤ᠄ 《ᠴᠢ ᠪᠠᠰᠠ ᠲᠡᠭᠦᠨ ᠦ ᠱᠠᠪᠢ ᠨᠠᠷ ᠤᠨ ᠨᠢᠭᠡ ᠨᠢ ᠪᠢᠰᠢ ᠤᠤ︖》 ᠭᠡᠬᠦ ᠳᠦ᠂ ᠲᠡᠷᠡ᠄ 《ᠪᠢ ᠪᠢᠰᠢ ᠡ》 ᠭᠡᠪᠡ᠃ 18 ᠬᠦᠢᠲᠡᠨ ᠪᠠᠢᠭᠰᠠᠨ ᠲᠤᠯᠠ ᠪᠣᠭᠣᠯ ᠤᠳ ᠪᠠ ᠬᠠᠷᠠᠭᠤᠯ ᠤᠳ ᠮᠣᠳᠣᠨ ᠨᠡᠭᠦᠷᠡᠰᠦ ᠲᠦᠯᠡᠵᠦ ᠳᠤᠯᠠᠭᠠᠴᠠᠨ ᠵᠣᠭᠰᠣᠵᠤ ᠪᠠᠢᠯ᠎ᠠ᠃ ᠫᠧᠲ᠋ᠧᠷ ᠴᠤ ᠲᠡᠳᠡᠨ ᠲᠡᠢ ᠬᠠᠮᠲᠤ ᠵᠣᠭᠰᠣᠨ ᠳᠤᠯᠠᠭᠠᠴᠠᠵᠤ ᠪᠠᠢᠪᠠ᠃

19 ᠲᠡᠷᠢᠭᠦᠨ ᠲᠠᠬᠢᠯᠴᠢ ᠢᠰᠦ᠋ᠰ ᠡᠴᠡ ᠱᠠᠪᠢ ᠨᠠᠷ ᠪᠠ ᠰᠤᠷᠭᠠᠯ ᠤᠨ ᠬᠢᠨᠢ ᠲᠤᠬᠠᠢ ᠠᠰᠠᠭᠤᠭᠰᠠᠨ ᠳᠤ᠂ 20 ᠢᠰᠦ᠋ᠰ᠄ 《ᠪᠢ ᠶᠢᠷᠲᠢᠨᠴᠦ ᠳᠦ ᠢᠯᠡ ᠪᠡᠷ ᠶᠠᠷᠢᠭᠰᠠᠨ᠂ ᠪᠦᠬᠦ ᠶᠦᠳᠠᠢᠴᠤᠳ ᠤᠨ ᠴᠤᠭᠯᠠᠷᠠᠳᠠᠭ ᠬᠤᠷᠠᠯ ᠤᠨ ᠲᠠᠩᠬᠢᠮ ᠳᠤ᠂ ᠪᠠᠰᠠ ᠠᠷᠢᠭᠤᠨ ᠣᠷᠳᠣᠨ ᠳᠤ ᠪᠢ ᠳᠠᠩᠳᠠ ᠪᠠᠨ ᠰᠤᠷᠭᠠᠵᠤ᠂ ᠨᠢᠭᠤᠴᠠ ᠪᠠᠷ ᠶᠠᠭᠤ ᠴᠤ ᠶᠠᠷᠢᠭ᠎ᠠ ᠦᠭᠡᠢ᠃ 21 ᠶᠠᠭᠠᠬᠢᠭᠠᠳ ᠨᠠᠳᠠ ᠠᠴᠠ ᠠᠰᠠᠭᠤᠨ᠎ᠠ ᠪᠤᠢ︖ ᠮᠢᠨᠦ ᠶᠠᠭᠤ ᠶᠠᠷᠢᠭᠰᠠᠨ ᠢ ᠰᠣᠨᠣᠰᠣᠭᠰᠠᠨ ᠬᠥᠮᠦᠰ ᠡᠴᠡ ᠠᠰᠠᠭᠤ᠃ ᠲᠡᠳᠡ ᠮᠢᠨᠦ ᠶᠠᠷᠢᠭᠰᠠᠨ ᠢ ᠮᠡᠳᠡᠨ᠎ᠡ ᠰᠢᠦ ᠳᠠ》 ᠭᠡᠵᠦ ᠬᠠᠷᠢᠭᠤᠯᠪᠠ᠃ 22 ᠲᠡᠭᠡᠲᠡᠯ᠎ᠡ ᠳᠡᠷᠭᠡᠳᠡ ᠨᠢ ᠵᠣᠭᠰᠣᠵᠤ ᠪᠠᠢᠭᠰᠠᠨ ᠨᠢᠭᠡ ᠬᠠᠷᠠᠭᠤᠯ ᠢᠰᠦ᠋ᠰ ᠢ ᠠᠯᠠᠭᠠᠳᠠᠵᠤ᠄ 《ᠴᠢ ᠲᠡᠷᠢᠭᠦᠨ ᠲᠠᠬᠢᠯᠴᠢ ᠳᠤ ᠢᠩᠭᠢᠵᠦ ᠬᠠᠷᠢᠭᠤᠯᠳᠠᠭ ᠶᠤᠮ ᠤᠤ︖》 ᠭᠡᠰᠡᠨ ᠳᠦ᠂ 23 ᠢᠰᠦ᠋ᠰ᠄ 《ᠬᠡᠷᠪᠡ ᠪᠢ ᠪᠤᠷᠤᠭᠤ ᠶᠠᠷᠢᠭᠰᠠᠨ ᠪᠣᠯ ᠪᠤᠷᠤᠭᠤ ᠶᠢ ᠨᠢ ᠭᠡᠷᠡᠴᠢᠯᠡ᠃ ᠬᠡᠷᠪᠡ ᠵᠥᠪ ᠶᠠᠷᠢᠭᠰᠠᠨ ᠪᠣᠯ ᠴᠢ ᠶᠠᠭᠤᠨ ᠳᠤ ᠨᠠᠮᠠᠶᠢ ᠵᠣᠳᠣᠨ᠎ᠠ ᠪᠤᠢ︖》 ᠭᠡᠪᠡ᠃ 24 ᠾᠠᠨᠠᠰ ᠢᠰᠦ᠋ᠰ ᠢ ᠬᠦᠯᠢᠶᠡᠰᠦᠲᠡᠢ ᠪᠠᠷ ᠨᠢ ᠲᠡᠷᠢᠭᠦᠨ ᠲᠠᠬᠢᠯᠴᠢ ᠺᠠᠶᠠᠹᠠ ᠳᠤ ᠬᠦᠷᠭᠡᠯ᠎ᠡ᠃
 ᠫᠧᠲ᠋ᠧᠷ ᠢᠰᠦ᠋ᠰ ᠢ ᠦᠭᠡᠶᠢᠰᠬᠡᠭᠰᠡᠨ ᠨᠢ

25 ᠰᠢᠮᠣᠨ ᠫᠧᠲ᠋ᠧᠷ ᠳᠤᠯᠠᠭᠠᠴᠠᠨ ᠵᠣᠭᠰᠣᠵᠤ ᠪᠠᠢᠬᠤ ᠳᠤ᠂ ᠬᠥᠮᠦᠰ᠄ 《ᠴᠢ ᠴᠢᠨᠢ ᠲᠡᠭᠦᠨ ᠦ ᠱᠠᠪᠢ ᠨᠠᠷ ᠤᠨ ᠨᠢᠭᠡ ᠨᠢ ᠪᠢᠰᠢ ᠤᠤ︖》 ᠭᠡᠰᠡᠨ ᠳᠦ᠂ ᠲᠡᠷᠡ᠄ 《ᠪᠢ ᠪᠢᠰᠢ ᠡ》 ᠭᠡᠵᠦ ᠮᠡᠯᠵᠢᠪᠡ᠃ 26 ᠲᠡᠷᠢᠭᠦᠨ ᠲᠠᠬᠢᠯᠴᠢ ᠶᠢᠨ ᠨᠢᠭᠡ ᠵᠠᠷᠤᠴᠠ᠂ ᠲᠤᠬᠠᠢᠯᠠᠪᠠᠯ ᠫᠧᠲ᠋ᠧᠷ ᠲᠤ ᠴᠢᠬᠢ ᠪᠠᠨ ᠴᠠᠪᠴᠢᠭᠤᠯᠤᠭᠰᠠᠨ ᠬᠥᠮᠦᠨ ᠦ ᠬᠠᠮᠢᠶᠠᠲᠠᠨ᠄ 《ᠴᠢᠮᠠᠶᠢ ᠲᠡᠭᠦᠨ ᠲᠡᠢ ᠬᠠᠮᠲᠤ ᠴᠡᠴᠡᠷᠯᠢᠭ ᠲᠤ ᠪᠠᠢᠬᠤ ᠶᠢ ᠪᠢ ᠬᠠᠷᠠᠭᠰᠠᠨ ᠰᠢᠳᠡ》 ᠭᠡᠰᠡᠨ ᠳᠦ᠂ 27 ᠫᠧᠲ᠋ᠧᠷ ᠳᠠᠬᠢᠨ ᠮᠡᠯᠵᠢᠵᠡᠢ᠃ ᠲᠡᠭᠡᠲᠡᠯ᠎ᠡ ᠲᠠᠬᠢᠶ᠎ᠠ ᠳᠤᠤᠭᠠᠷᠪᠠ᠃
 ᠢᠰᠦ᠋ᠰ ᠫᠢᠯᠠᠲ ᠲᠤ ᠪᠠᠢᠴᠠᠭᠠᠭᠳᠠᠭᠰᠠᠨ ᠨᠢ

28 ᠲᠡᠳᠡ ᠢᠰᠦ᠋ᠰ ᠢ ᠺᠠᠶᠠᠹᠠ ᠶᠢᠨ ᠬᠢ ᠡᠴᠡ ᠶᠡᠷᠦᠩᠬᠡᠢ ᠵᠠᠬᠢᠷᠤᠭᠴᠢ ᠶᠢᠨ ᠣᠷᠳᠣᠨ ᠳᠤ ᠠᠪᠠᠴᠢᠪᠠ᠃ ᠲᠡᠭᠡᠬᠦ ᠳᠦ ᠥᠷᠯᠥᠭᠡ ᠡᠷᠲᠡ ᠪᠠᠢᠯ᠎ᠠ᠃ ᠲᠡᠳᠡ ᠪᠡᠶ᠎ᠡ ᠪᠡᠨ ᠪᠤᠵᠠᠷᠯᠠᠯ 23 ᠦᠭᠡᠢ ᠪᠠᠷ ᠭᠡᠲᠦᠯᠭᠡᠭᠰᠡᠨ ᠦ ᠪᠠᠶᠠᠷ ᠤᠨ ᠵᠣᠭᠣᠭ ᠢ ᠢᠳᠡᠬᠦ ᠶᠢᠨ ᠲᠤᠯᠠᠳᠠ ᠶᠡᠷᠦᠩᠬᠡᠢ ᠵᠠᠬᠢᠷᠤᠭᠴᠢ ᠶᠢᠨ ᠣᠷᠳᠣᠨ ᠳᠤ ᠣᠷᠣᠬᠤ ᠦᠭᠡᠢ ᠪᠠᠢᠭᠰᠠᠨ ᠤᠴᠢᠷ ᠠᠴᠠ 29 ᠫᠢᠯᠠᠲ ᠭᠠᠷᠴᠤ ᠲᠡᠳᠡᠨ ᠦ ᠤᠷᠤᠭᠤ ᠢᠷᠡᠭᠡᠳ᠄ 《ᠲᠠ ᠨᠠᠷ ᠶᠠᠮᠠᠷ ᠬᠡᠷᠡᠭ ᠢᠶᠡᠷ ᠡᠨᠡ ᠬᠥᠮᠦᠨ ᠢ ᠵᠠᠭᠠᠯᠳᠤᠪᠠ︖》 ᠭᠡᠰᠡᠨ ᠳᠦ᠂ 30 ᠲᠡᠳᠡ᠄ 《ᠬᠡᠷᠪᠡ ᠡᠨᠡ ᠬᠥᠮᠦᠨ ᠮᠠᠭᠤ ᠶᠢ ᠦᠢᠯᠡᠳᠦᠭᠡ ᠦᠭᠡᠢ ᠪᠣᠯ ᠪᠢᠳᠡ ᠲᠠᠨ ᠳᠤ ᠲᠤᠰᠢᠶᠠᠬᠤ ᠦᠭᠡᠢ ᠪᠠᠢᠭᠰᠠᠨ》 ᠭᠡᠯ᠎ᠡ᠃ 31 ᠫᠢᠯᠠᠲ᠄ 《ᠲᠠ ᠨᠠᠷ ᠲᠡᠭᠦᠨ ᠢ ᠠᠪᠠᠴᠢᠵᠤ᠂ ᠥᠪᠡᠷ ᠦᠨ ᠢᠶᠠᠨ ᠬᠠᠤᠯᠢ ᠪᠠᠷ ᠰᠢᠭᠦᠭᠲᠦᠨ》 ᠭᠡᠰᠡᠨ ᠳᠦ᠂ ᠶᠦᠳᠠᠢᠴᠤᠳ᠄ 《ᠪᠢᠳᠡᠨ ᠳᠦ ᠬᠥᠮᠦᠨ ᠴᠠᠭᠠᠵᠠᠯᠠᠬᠤ ᠡᠷᠬᠡ ᠦᠭᠡᠢ》 ᠭᠡᠪᠡ᠃ 32 ᠡᠢᠨ ᠬᠦ ᠢᠰᠦ᠋ᠰ ᠤᠨ ᠶᠠᠮᠠᠷ ᠦᠬᠦᠯ ᠢᠶᠡᠷ ᠦᠬᠦᠬᠦ ᠪᠡᠨ ᠬᠡᠯᠡᠭᠰᠡᠨ ᠨᠢ ᠪᠡᠶᠡᠯᠡᠭᠳᠡᠬᠦ ᠪᠣᠯᠣᠯ᠎ᠠ᠃

33 ᠫᠢᠯᠠᠲ ᠶᠡᠷᠦᠩᠬᠡᠢ ᠵᠠᠬᠢᠷᠤᠭᠴᠢ ᠶᠢᠨ ᠣᠷᠳᠣᠨ ᠳᠠᠭᠠᠨ ᠪᠤᠴᠠᠨ ᠣᠷᠣᠵᠤ ᠢᠰᠦ᠋ᠰ ᠢ ᠳᠠᠭᠤᠳᠠᠭᠤᠯᠤᠭᠠᠳ᠄ 《ᠴᠢ ᠶᠦᠳᠠᠢᠴᠤᠳ ᠤᠨ ᠬᠠᠭᠠᠨ ᠮᠥᠨ ᠤᠤ︖》 ᠭᠡᠰᠡᠨ ᠳᠦ᠂ 34 ᠢᠰᠦ᠋ᠰ ᠬᠠᠷᠢᠭᠤ ᠳᠤᠨᠢ᠄ 《ᠴᠢ ᠡᠭᠦᠨ ᠢ ᠥᠪᠡᠷ ᠦᠨ ᠢᠶᠠᠨ ᠰᠠᠨᠠᠭ᠎ᠠ ᠪᠠᠷ ᠶᠠᠷᠢᠵᠤ ᠪᠠᠢᠨ᠎ᠠ ᠤᠤ︖ ᠡᠰᠡᠪᠡᠯ ᠥᠭᠡᠷ᠎ᠡ ᠬᠥᠮᠦᠰ ᠮᠢᠨᠦ ᠲᠤᠬᠠᠢ ᠴᠢᠮ᠎ᠠ ᠳᠤ ᠬᠡᠯᠡᠪᠡ ᠤᠤ︖》 ᠭᠡᠵᠡᠢ᠃ 35 ᠫᠢᠯᠠᠲ᠄ 《ᠪᠢ ᠶᠦᠳᠠᠢ ᠬᠥᠮᠦᠨ ᠴᠤ ᠪᠢᠰᠢ ᠳᠠ᠂ ᠦᠨᠳᠦᠰᠦᠲᠡᠨ ᠬᠢᠭᠡᠳ ᠠᠬᠠᠯᠠᠬᠤ ᠲᠠᠬᠢᠯᠴᠢᠳ ᠴᠢᠨᠢ ᠴᠢᠮᠠᠶᠢ ᠨᠠᠳᠠ ᠳᠤ ᠲᠤᠰᠢᠶᠠᠭᠰᠠᠨ᠂ ᠴᠢ ᠶᠠᠭᠤ ᠦᠢᠯᠡᠳᠦᠴᠢᠬᠡᠭᠰᠡᠨ ᠪᠤᠢ︖》 ᠭᠡᠰᠡᠨ ᠳᠦ᠂ 36 ᠢᠰᠦ᠋ᠰ᠄ 《ᠮᠢᠨᠦ ᠬᠠᠭᠠᠨᠴᠢᠯᠠᠯ ᠡᠨᠡ ᠶᠢᠷᠲᠢᠨᠴᠦ ᠶᠢᠨ ᠬᠢ ᠪᠢᠰᠢ᠂ ᠬᠡᠷᠪᠡ ᠮᠢᠨᠦ ᠬᠠᠭᠠᠨᠴᠢᠯᠠᠯ ᠡᠨᠡ ᠶᠢᠷᠲᠢᠨᠴᠦ ᠶᠢᠨ ᠬᠢ ᠪᠠᠢᠭᠰᠠᠨ ᠪᠣᠯ᠂ ᠨᠠᠮᠠᠶᠢ ᠶᠦᠳᠠᠢᠴᠤᠳ ᠤᠨ ᠭᠠᠷ ᠲᠤ ᠥᠭᠬᠦ ᠦᠭᠡᠢ ᠶᠢᠨ ᠲᠤᠯᠠᠳᠠ ᠵᠠᠷᠤᠴᠠ ᠨᠠᠷ ᠮᠢᠨᠢ ᠪᠠᠢᠯᠳᠤᠬᠤ ᠪᠠᠢᠭᠰᠠᠨ᠃ ᠭᠡᠪᠡᠴᠦ ᠣᠳᠣ ᠮᠢᠨᠦ ᠬᠠᠭᠠᠨᠴᠢᠯᠠᠯ ᠡ᠊ᠨᠳᠡᠬᠢ ᠪᠢᠰᠢ》 ᠭᠡᠪᠡ᠃ 37 《ᠲᠡᠭᠡᠬᠦᠯᠡᠷ ᠴᠢ ᠬᠠᠭᠠᠨ ᠪᠠᠢᠬᠤ ᠨᠢ ᠤᠤ︖》 ᠭᠡᠵᠦ ᠫᠢᠯᠠᠲ ᠶᠠᠷᠢᠬᠤ ᠳᠤᠨᠢ᠂ ᠢᠰᠦ᠋ᠰ᠄ 《ᠨᠠᠮᠠᠶᠢ ᠬᠠᠭᠠᠨ ᠭᠡᠳᠡᠭ ᠴᠢᠨᠢ ᠵᠥᠪ᠂ ᠮᠢᠨᠦ ᠲᠥᠷᠥᠭᠰᠡᠨ ᠨᠢ ᠴᠤ᠂ ᠡᠨᠡ ᠶᠢᠷᠲᠢᠨᠴᠦ ᠳᠦ ᠢᠷᠡᠭᠰᠡᠨ ᠨᠢ ᠴᠤ ᠦᠨᠡᠨ ᠦ ᠲᠤᠬᠠᠢ ᠭᠡᠷᠡᠴᠢᠯᠡᠬᠦ ᠶᠢᠨ ᠲᠤᠯᠠᠳᠠ ᠶᠤᠮ᠃ ᠦᠨᠡᠨ ᠦ ᠲᠠᠯ᠎ᠠ ᠶᠢᠨ ᠬᠥᠮᠦᠨ ᠪᠦᠷᠢ ᠮᠢᠨᠦ ᠳᠠᠭᠤ ᠶᠢ ᠰᠣᠨᠣᠰᠣᠨ᠎ᠠ》 ᠭᠡᠵᠦ ᠬᠡᠯᠡᠵᠡᠢ᠃ 38 ᠫᠢᠯᠠᠲ᠄ 《ᠦᠨᠡᠨ ᠭᠡᠵᠦ ᠶᠠᠭᠤ ᠪᠤᠢ︖》 ᠭᠡᠪᠡ᠃

39 ᠭᠡᠲᠦᠯᠭᠡᠭᠰᠡᠨ ᠦ ᠪᠠᠶᠠᠷ ᠢᠶᠠᠷ ᠪᠢ ᠲᠠ ᠨᠠᠷ ᠤᠨ ᠲᠥᠯᠥᠭᠡ ᠨᠢᠭᠡ ᠬᠥᠮᠦᠨ ᠢ ᠰᠤᠯᠠᠯᠠᠨ ᠲᠠᠯᠪᠢᠳᠠᠭ ᠶᠣᠰᠣ ᠪᠤᠢ᠂ ᠲᠡᠢᠮᠦ ᠪᠣᠯᠬᠣᠷ 〈ᠶᠦᠳᠠᠢᠴᠤᠳ ᠤᠨ ᠬᠠᠭᠠᠨ〉 ᠢ ᠰᠤᠯᠠᠯᠠᠬᠤ ᠶᠢ ᠮᠢᠨᠢ ᠲᠠ ᠨᠠᠷ ᠬᠦᠰᠡᠨ᠎ᠡ ᠤᠤ︖》 ᠭᠡᠬᠦ ᠳᠦ᠂ 40 《ᠡᠨᠡ ᠬᠥᠮᠦᠨ ᠢ ᠪᠢᠰᠢ᠂ ᠪᠠᠷᠠᠪ ᠢ ᠲᠠᠯᠪᠢ》 ᠭᠡᠵᠦ ᠲᠡᠳᠡ ᠳᠠᠬᠢᠨ ᠴᠢᠩᠭ᠍᠎ᠠ ᠳᠠᠭᠤ ᠪᠠᠷ ᠬᠠᠰᠬᠢᠷᠤᠯᠳᠤᠯ᠎ᠠ᠃ ᠪᠠᠷᠠᠪ ᠪᠣᠯ ᠳᠡᠭᠡᠷᠡᠮᠴᠢᠨ ᠠᠵᠢ᠃