ᠶᠣᠬᠠᠨ ᠨᠠᠢ᠌ᠮᠠ
ᠵᠠᠪᠬᠠᠢ ᠡᠮᠡᠭᠲᠡᠢ
1 ᠢᠰᠦ᠋ᠰ ᠴᠢᠳᠦᠨ ᠠᠭᠤᠯᠠ ᠤᠷᠤᠭᠤ ᠶᠠᠪᠤᠪᠠ᠃ 2 ᠥᠷᠯᠥᠭᠡ ᠡᠷᠲᠡ ᠲᠡᠷᠡ ᠠᠷᠢᠭᠤᠨ ᠣᠷᠳᠣᠨ ᠳᠤ ᠳᠠᠬᠢᠨ ᠣᠴᠢᠬᠤ ᠳᠤ ᠬᠥᠮᠦᠰ ᠪᠦᠭᠦᠳᠡᠭᠡᠷ ᠢᠶᠡᠨ ᠲᠡᠭᠦᠨ ᠤᠷᠤᠭᠤ ᠢᠷᠡᠵᠡᠭᠡᠪᠡ᠃ ᠲᠡᠷᠡ ᠰᠠᠭᠤᠭᠠᠳ ᠰᠤᠷᠭᠠᠵᠤ ᠪᠠᠢᠲᠠᠯ᠎ᠠ 3 ᠪᠢᠴᠢᠭᠲᠡᠳ ᠪᠣᠯᠣᠨ ᠹᠠᠷᠢᠰᠠᠢᠴᠤᠳ ᠵᠠᠪᠬᠠᠢᠷᠠᠵᠤ ᠪᠠᠢᠭᠠᠳ ᠪᠠᠷᠢᠭᠳᠠᠭᠰᠠᠨ ᠨᠢᠭᠡᠨ ᠡᠮᠡᠭᠲᠡᠢ ᠶᠢ ᠠᠪᠴᠢᠷᠠᠨ ᠭᠣᠣᠯ ᠳᠠᠭᠠᠨ ᠵᠣᠭᠰᠣᠭᠠᠭᠠᠳ᠂ 4 ᠢᠰᠦ᠋ᠰ ᠲᠤ᠄ 《ᠪᠠᠭᠰᠢ ᠡ᠂ ᠡᠨᠡ ᠡᠮᠡᠭᠲᠡᠢ ᠵᠠᠪᠬᠠᠢᠷᠠᠵᠤ ᠪᠠᠢᠬᠤ ᠳᠠᠭᠠᠨ ᠪᠠᠷᠢᠭᠳᠠᠭᠰᠠᠨ ᠶᠤᠮ᠃ 5 ᠡᠢᠮᠦ ᠡᠮᠡᠭᠲᠡᠢᠴᠦᠳ ᠤᠷᠤᠭᠤ ᠴᠢᠯᠠᠭᠤ ᠰᠢᠳᠡᠭᠲᠦᠨ ᠭᠡᠵᠦ ᠮᠣᠰᠧ ᠬᠠᠤᠯᠢ ᠳᠠᠭᠠᠨ ᠪᠢᠳᠡᠨ ᠳᠦ ᠵᠠᠬᠢᠭᠰᠠᠨ ᠪᠠᠢᠳᠠᠭ᠃ ᠬᠠᠷᠢᠨ ᠲᠠ ᠶᠠᠭᠤ ᠭᠡᠬᠦ ᠪᠤᠢ︖》 ᠭᠡᠵᠡᠭᠡᠪᠡ᠃ 6 ᠲᠡᠳᠡ ᠢᠰᠦ᠋ᠰ ᠢ ᠲᠡᠩᠰᠡᠵᠦ ᠵᠠᠭᠠᠯᠳᠤᠬᠤ ᠰᠢᠯᠲᠠᠭ ᠣᠯᠬᠤ ᠶᠢᠨ ᠲᠤᠯᠠᠳᠠ ᠡᠢᠨ ᠬᠦ ᠶᠠᠷᠢᠵᠠᠢ᠃ ᠲᠡᠭᠡᠬᠦ ᠳᠦ᠂ ᠢᠰᠦ᠋ᠰ ᠪᠥᠬᠥᠢᠵᠦ᠂ ᠬᠤᠷᠤᠭᠤ ᠪᠠᠷ ᠢᠶᠠᠨ ᠭᠠᠵᠠᠷ ᠵᠢᠷᠤᠵᠤ ᠪᠠᠢᠪᠠ᠃ 7 ᠬᠠᠷᠢᠨ ᠲᠡᠳᠡ ᠠᠬᠢᠨ ᠳᠠᠬᠢᠨ ᠠᠰᠠᠭᠤᠭᠠᠳ ᠪᠠᠢᠬᠤ ᠳᠤ᠂ ᠢᠰᠦ᠋ᠰ ᠨᠢᠷᠤᠭᠤ ᠪᠠᠨ ᠭᠡᠳᠡᠢᠵᠦ ᠲᠡᠳᠡᠨ ᠳᠦ᠄ 《ᠲᠠ ᠨᠠᠷ ᠤᠨ ᠳᠤᠮᠳᠠ ᠠᠴᠠ ᠨᠢᠭᠦᠯ ᠦᠭᠡᠢ ᠨᠢ ᠤᠷᠢᠳᠠᠪᠠᠷ ᠡᠨᠡ ᠡᠮᠡᠭᠲᠡᠢ ᠤᠷᠤᠭᠤ ᠴᠢᠯᠠᠭᠤ ᠰᠢᠳᠡ》 ᠭᠡᠳ 8 ᠳᠠᠬᠢᠨ ᠪᠥᠬᠥᠢᠵᠦ᠂ ᠬᠤᠷᠤᠭᠤ ᠪᠠᠷ ᠢᠶᠠᠨ ᠭᠠᠵᠠᠷ ᠳᠡᠭᠡᠷ᠎ᠡ ᠵᠢᠷᠤᠵᠤ ᠪᠠᠢᠯ᠎ᠠ᠃ 9 ᠡᠭᠦᠨ ᠢ ᠰᠣᠨᠣᠰᠣᠭᠴᠢᠳ ᠥᠲᠡᠯᠦᠭᠰᠡᠨ ᠡᠴᠡ ᠨᠢ ᠡᠬᠢᠯᠡᠨ ᠨᠢᠭᠡ ᠨᠢᠭᠡ ᠪᠡᠷ ᠢᠶᠠᠨ ᠶᠠᠪᠤᠭᠰᠠᠭᠠᠷ ᠵᠥᠪᠬᠡᠨ ᠢᠰᠦ᠋ᠰ ᠪᠣᠯᠣᠨ ᠲᠡᠨᠳᠡ ᠪᠡᠨ ᠵᠣᠭᠰᠣᠭᠰᠠᠭᠠᠷ ᠪᠠᠢᠭ᠎ᠠ ᠨᠥᠭᠥᠭᠡ ᠡᠮᠡᠭᠲᠡᠢ ᠯᠠ ᠦᠯᠡᠳᠡᠵᠡᠢ᠃ 10 ᠢᠰᠦ᠋ᠰ ᠨᠢᠷᠤᠭᠤ ᠪᠠᠨ ᠭᠡᠳᠡᠢᠨ ᠲᠡᠷᠡ ᠡᠮᠡᠭᠲᠡᠢ ᠳᠦ᠄ 《ᠪᠦᠰᠡᠭᠦᠢ ᠡ᠂ ᠲᠡᠳᠡ ᠬᠠᠮᠢᠭ᠎ᠠ ᠪᠠᠢᠨ᠎ᠠ︖ ᠴᠢᠮᠠᠶᠢ ᠶᠠᠯᠠᠯᠠᠭᠴᠢ ᠪᠠᠢᠬᠤ ᠦᠭᠡᠢ ᠪᠢᠵᠡ ᠳᠠ︖》 ᠭᠡᠪᠡ᠃ 11 ᠲᠡᠷᠡ᠄ 《ᠡᠵᠡᠨ ᠡ᠂ ᠲᠡᠢᠮᠦ ᠡ》 ᠭᠡᠬᠦ ᠳᠦ᠂ ᠢᠰᠦ᠋ᠰ᠄ 《ᠪᠢ ᠴᠤ ᠴᠢᠮᠠᠶᠢ ᠶᠠᠯᠠᠯᠠᠬᠤ ᠦᠭᠡᠢ᠃ ᠶᠠᠪᠤ᠂ ᠡᠭᠦᠨ ᠡᠴᠡ ᠬᠣᠢᠰᠢ ᠨᠢᠭᠦᠯ ᠦᠢᠯᠡᠳᠬᠦ ᠪᠡᠨ ᠪᠣᠯᠢ》 ᠭᠡᠯᠡ᠃〕
ᠢᠰᠦ᠋ᠰ ᠪᠣᠯ ᠶᠢᠷᠲᠢᠨᠴᠦ ᠶᠢᠨ ᠭᠡᠷᠡᠯ
12 ᠢᠰᠦ᠋ᠰ ᠳᠠᠬᠢᠨ᠄ 《ᠪᠢ ᠪᠣᠯ ᠶᠢᠷᠲᠢᠨᠴᠦ ᠶᠢᠨ ᠭᠡᠷᠡᠯ ᠮᠥᠨ᠃ ᠨᠠᠮᠠᠶᠢ ᠳᠠᠭᠠᠳᠠᠭ ᠬᠥᠮᠦᠨ ᠯᠠᠪ ᠬᠠᠷᠠᠩ᠋ᠭᠤᠢ ᠳᠣᠲᠣᠷ᠎ᠠ ᠶᠠᠪᠤᠬᠤ ᠦᠭᠡᠢ᠂ ᠬᠠᠷᠢᠨ ᠠᠮᠢ ᠶᠢᠨ ᠭᠡᠷᠡᠯ ᠲᠡᠢ ᠪᠠᠢᠬᠤ ᠪᠣᠯᠣᠨ᠎ᠠ》 ᠭᠡᠵᠦ ᠶᠠᠷᠢᠭᠰᠠᠨ ᠳᠤ᠂ 13 ᠹᠠᠷᠢᠰᠠᠢᠴᠤᠳ᠄ 《ᠲᠠ ᠥᠪᠡᠷ ᠢ ᠪᠠᠨ ᠭᠡᠷᠡᠴᠢᠯᠡᠵᠦ ᠪᠠᠢᠭ᠎ᠠ ᠲᠤᠯᠠ ᠲᠠᠨ ᠤ ᠭᠡᠷᠡᠴᠢᠯᠡᠯ ᠦᠨᠡᠨ ᠪᠢᠰᠢ》 ᠭᠡᠪᠡ᠃ 14 ᠢᠰᠦ᠋ᠰ ᠬᠠᠷᠢᠭᠤ ᠳᠤᠨᠢ᠄ 《ᠪᠢ ᠬᠡᠳᠦᠢᠪᠡᠷ ᠥᠪᠡᠷ ᠢ ᠪᠠᠨ ᠭᠡᠷᠡᠴᠢᠯᠡᠵᠦ ᠪᠠᠢᠭ᠎ᠠ ᠴᠤ ᠭᠡᠰᠡᠨ ᠮᠢᠨᠦ ᠭᠡᠷᠡᠴᠢᠯᠡᠯ ᠦᠨᠡᠨ ᠶᠤᠮ᠃ ᠤᠴᠢᠷ ᠨᠢ ᠪᠢ ᠬᠠᠮᠢᠭ᠎ᠠ ᠠᠴᠠ ᠢᠷᠡᠵᠦ᠂ ᠬᠠᠮᠢᠭᠠᠰᠢ ᠪᠠᠨ ᠶᠠᠪᠤᠬᠤ ᠪᠠᠨ ᠮᠡᠳᠡᠨ᠎ᠡ᠃ ᠬᠠᠷᠢᠨ ᠲᠠ ᠨᠠᠷ ᠮᠢᠨᠦ ᠬᠠᠮᠢᠭ᠎ᠠ ᠠᠴᠠ ᠢᠷᠡᠵᠦ᠂ ᠬᠠᠮᠢᠭᠠᠰᠢ ᠪᠠᠨ ᠶᠠᠪᠤᠬᠤ ᠶᠢ ᠮᠡᠳᠡᠳᠡᠭ ᠦᠭᠡᠢ᠃ 15 ᠲᠠ ᠨᠠᠷ ᠮᠢᠬᠠᠨ ᠪᠡᠶᠡᠲᠦ ᠬᠥᠮᠦᠨ ᠦ ᠶᠣᠰᠣᠭᠠᠷ ᠰᠢᠭᠦᠳᠡᠭ ᠪᠣᠯ᠂ ᠪᠢ ᠥᠪᠡᠷ ᠢᠶᠡᠨ ᠬᠡᠨ ᠢ ᠴᠤ ᠰᠢᠭᠦᠳᠡᠭ ᠦᠭᠡᠢ᠃ 16 ᠪᠢ ᠰᠢᠭᠦᠭᠰᠡᠨ ᠴᠤ᠂ ᠮᠢᠨᠦ ᠰᠢᠭᠦᠯᠲᠡ ᠦᠨᠡᠨ᠃ ᠤᠴᠢᠷ ᠨᠢ ᠪᠢ ᠭᠠᠭᠴᠠᠭᠠᠷ ᠢᠶᠠᠨ ᠪᠠᠢᠭ᠎ᠠ ᠪᠢᠰᠢ᠂ ᠬᠠᠷᠢᠨ ᠨᠠᠮᠠᠶᠢ ᠢᠯᠡᠭᠡᠭᠰᠡᠨ ᠡᠴᠢᠭᠡ ᠨᠠᠳᠠ ᠲᠠᠢ ᠬᠠᠮᠲᠤ ᠪᠠᠢᠳᠠᠭ᠃ 17 ᠲᠠ ᠨᠠᠷ ᠤᠨ ᠬᠠᠤᠯᠢ ᠳᠤ ᠴᠤ᠄ 〈ᠬᠣᠶᠠᠷ ᠬᠥᠮᠦᠨ ᠦ ᠭᠡᠷᠡᠴᠢᠯᠡᠯ ᠬᠦᠴᠦᠨ ᠲᠡᠢ〉 ᠭᠡᠵᠦ ᠪᠢᠴᠢᠭᠳᠡᠭᠰᠡᠨ᠃ 18 ᠪᠢ ᠥᠪᠡᠷ ᠦᠨ ᠢᠶᠠᠨ ᠲᠤᠬᠠᠢ ᠭᠡᠷᠡᠴᠢᠯᠡᠳᠡᠭ ᠪᠥᠭᠡᠳ ᠨᠠᠮᠠᠶᠢ ᠢᠯᠡᠭᠡᠭᠰᠡᠨ ᠡᠴᠢᠭᠡ ᠴᠤ ᠮᠢᠨᠦ ᠲᠤᠬᠠᠢ ᠭᠡᠷᠡᠴᠢᠯᠡᠳᠡᠭ》 ᠭᠡᠪᠡ᠃ 19 《ᠲᠠᠨ ᠤ ᠡᠴᠢᠭᠡ ᠬᠠᠮᠢᠭ᠎ᠠ ᠪᠠᠢᠨ᠎ᠠ ᠪᠤᠢ︖》 ᠭᠡᠵᠦ ᠲᠡᠳᠡ ᠠᠰᠠᠭᠤᠭᠰᠠᠨ ᠳᠤ᠂ ᠢᠰᠦ᠋ᠰ ᠬᠠᠷᠢᠭᠤ ᠳᠤᠨᠢ᠄ 《ᠲᠠ ᠨᠠᠷ ᠨᠠᠮᠠᠶᠢ ᠮᠡᠳᠡᠳᠡᠭ ᠦᠭᠡᠢ ᠪᠥᠭᠡᠳ ᠮᠢᠨᠦ ᠡᠴᠢᠭᠡ ᠶᠢ ᠴᠤ ᠮᠡᠳᠡᠳᠡᠭ ᠦᠭᠡᠢ᠃ ᠬᠡᠷᠪᠡ ᠲᠠ ᠨᠠᠷ ᠨᠠᠮᠠᠶᠢ ᠮᠡᠳᠡᠭᠰᠡᠨ ᠪᠣᠯ ᠮᠢᠨᠦ ᠡᠴᠢᠭᠡ ᠶᠢ ᠴᠤ ᠮᠡᠳᠡᠬᠦ ᠪᠠᠢᠭᠰᠠᠨ》 ᠭᠡᠪᠡ᠃ 20 ᠢᠰᠦ᠋ᠰ ᠠᠷᠢᠭᠤᠨ ᠣᠷᠳᠣᠨ ᠤ ᠡᠷᠭᠦᠯ ᠦᠨ ᠬᠠᠢᠷᠴᠠᠭ ᠲᠠᠯᠪᠢᠳᠠᠭ ᠥᠷᠥᠭᠡᠨ ᠳᠦ ᠡᠳᠡᠭᠡᠷ ᠦᠭᠡ ᠶᠢ ᠬᠡᠯᠡᠪᠡ᠃ ᠬᠠᠷᠢᠨ ᠲᠡᠭᠦᠨ ᠦ ᠴᠠᠭ ᠢᠷᠡᠭᠡ ᠦᠭᠡᠢ ᠤᠴᠢᠷ ᠠᠴᠠ ᠬᠡᠨ ᠴᠤ ᠲᠡᠭᠦᠨ ᠢ ᠪᠠᠷᠢᠪᠴᠢᠯᠠᠭᠰᠠᠨ ᠦᠭᠡᠢ᠃
21 ᠢᠰᠦ᠋ᠰ ᠳᠠᠬᠢᠨ ᠲᠡᠳᠡᠨ ᠳᠦ᠄ 《ᠪᠢ ᠶᠠᠪᠤᠨ᠎ᠠ᠂ ᠲᠠ ᠨᠠᠷ ᠨᠠᠮᠠᠶᠢ ᠡᠷᠢᠭᠰᠡᠭᠡᠷ ᠪᠠᠢᠭᠠᠳ ᠨᠢᠭᠦᠯ ᠦᠨ ᠢᠶᠠᠨ ᠳᠣᠲᠣᠷ᠎ᠠ ᠦᠬᠦᠨ᠎ᠡ᠃ ᠮᠢᠨᠦ ᠣᠴᠢᠬᠤ ᠭᠠᠵᠠᠷ ᠲᠤ ᠲᠠ ᠨᠠᠷ ᠬᠦᠷᠴᠦ ᠴᠢᠳᠠᠬᠤ ᠦᠭᠡᠢ》 ᠭᠡᠰᠡᠨ ᠳᠦ᠂ 22 ᠶᠦᠳᠠᠢᠴᠤᠳ᠄ 《〈ᠮᠢᠨᠦ ᠣᠴᠢᠬᠤ ᠭᠠᠵᠠᠷ ᠲᠤ ᠲᠠ ᠨᠠᠷ ᠬᠦᠷᠴᠦ ᠴᠢᠳᠠᠬᠤ ᠦᠭᠡᠢ〉 ᠭᠡᠳᠡᠭ ᠨᠢ ᠥᠪᠡᠷ ᠢ ᠪᠠᠨ ᠬᠣᠣᠷᠯᠠᠬᠤ ᠭᠡᠰᠡᠨ ᠦᠭᠡ ᠤᠤ︖》 ᠭᠡᠯᠴᠡᠪᠡ᠃ 23 ᠢᠰᠦ᠋ᠰ ᠲᠡᠳᠡᠨ ᠳᠦ᠄ 《ᠲᠠ ᠨᠠᠷ ᠳᠣᠣᠷ᠎ᠠ ᠠᠴᠠ ᠭᠠᠷᠤᠯ ᠲᠠᠢ᠂ ᠪᠢ ᠳᠡᠭᠡᠷ᠎ᠡ ᠡᠴᠡ ᠭᠠᠷᠤᠯ ᠲᠠᠢ᠃ ᠲᠠ ᠨᠠᠷ ᠪᠣᠯ ᠡᠨᠡ ᠶᠢᠷᠲᠢᠨᠴᠦ ᠶᠢᠨ ᠬᠢ᠂ ᠪᠢ ᠡᠨᠡ ᠶᠢᠷᠲᠢᠨᠴᠦ ᠶᠢᠨ ᠬᠢ ᠪᠢᠰᠢ᠃ 24 ᠲᠡᠢᠮᠦ ᠡᠴᠡ ᠪᠢ᠄ 〈ᠲᠠ ᠨᠠᠷ ᠨᠢᠭᠦᠯ ᠦᠨ ᠢᠶᠠᠨ ᠳᠣᠲᠣᠷ᠎ᠠ ᠦᠬᠦᠨ᠎ᠡ〉 ᠭᠡᠵᠦ ᠬᠡᠯᠡᠯ᠎ᠡ᠃ ᠬᠡᠷᠪᠡ ᠲᠠ ᠨᠠᠷ ᠨᠠᠮᠠᠶᠢ ᠲᠡᠷᠡ 13 ᠭᠡᠵᠦ ᠢᠲᠡᠭᠡᠬᠦ ᠦᠭᠡᠢ ᠪᠣᠯ ᠨᠢᠭᠦᠯ ᠦᠨ ᠢᠶᠠᠨ ᠳᠣᠲᠣᠷ᠎ᠠ ᠦᠬᠦᠬᠦ ᠪᠣᠯᠣᠨ᠎ᠠ》 ᠭᠡᠰᠡᠨ ᠳᠦ᠂ 25 ᠲᠡᠳᠡ᠄ 《ᠲᠠ ᠬᠡᠨ ᠶᠤᠮ ᠪᠤᠢ︖》 ᠭᠡᠯᠡ᠃ ᠢᠰᠦ᠋ᠰ᠄ 《ᠠᠩ᠋ᠬᠠᠨ ᠠᠴᠠ ᠪᠠᠨ ᠲᠠ ᠨᠠᠷ ᠲᠤ ᠬᠡᠯᠡᠭᠡᠳ ᠪᠠᠢᠭᠰᠠᠨ 〈ᠲᠡᠷᠡ〉 ᠪᠠᠢᠨ᠎ᠠ᠃ 26 ᠲᠠ ᠨᠠᠷ ᠤᠨ ᠲᠤᠬᠠᠢ ᠥᠭᠦᠯᠡᠵᠦ ᠰᠢᠭᠦᠮᠵᠢᠯᠡᠬᠦ ᠵᠦᠢᠯ ᠨᠠᠳᠠ ᠳᠤ ᠣᠯᠠᠨ ᠪᠣᠯᠪᠠᠴᠤ ᠨᠠᠮᠠᠶᠢ ᠢᠯᠡᠭᠡᠭᠴᠢ ᠨᠢ ᠦᠨᠡᠨ ᠪᠣᠯᠬᠣᠷ ᠪᠢ ᠲᠡᠭᠦᠨ ᠡᠴᠡ ᠰᠣᠨᠣᠰᠣᠭᠰᠠᠨ ᠢᠶᠠᠨ ᠯᠠ ᠶᠢᠷᠲᠢᠨᠴᠦ ᠳᠦ ᠬᠡᠯᠡᠳᠡᠭ》 ᠭᠡᠪᠡ᠃ 27 ᠢᠰᠦ᠋ᠰ ᠡᠴᠢᠭᠡ ᠶᠢᠨ ᠢᠶᠠᠨ ᠲᠤᠬᠠᠢ ᠬᠡᠯᠡᠵᠦ ᠪᠠᠢᠭᠰᠠᠨ ᠢ ᠲᠡᠳᠡ ᠣᠢᠯᠠᠭᠠᠭᠰᠠᠨ ᠦᠭᠡᠢ᠃ 28 ᠲᠡᠢᠮᠦ ᠡᠴᠡ ᠢᠰᠦ᠋ᠰ᠄ 《ᠲᠠ ᠨᠠᠷ ᠬᠥᠮᠦᠨ ᠦ ᠬᠦᠦ ᠶᠢ ᠡᠷᠭᠦᠭᠰᠡᠨ ᠴᠠᠭ ᠲᠤ ᠯᠠ ᠨᠠᠮᠠᠶᠢ ᠲᠡᠷᠡ ᠭᠡᠳᠡᠭ ᠢ᠂ ᠮᠥᠨ ᠪᠢ ᠥᠪᠡᠷ ᠦᠨ ᠢᠶᠠᠨ ᠰᠠᠨᠠᠭ᠎ᠠ ᠪᠠᠷ ᠶᠠᠭᠤ ᠶᠢ ᠴᠤ ᠬᠢᠳᠡᠭ ᠦᠭᠡᠢ᠂ ᠬᠠᠷᠢᠨ ᠡᠴᠢᠭᠡ ᠶᠢᠨ ᠨᠠᠳᠠ ᠳᠤ ᠵᠢᠭᠠᠭᠰᠠᠨ ᠢᠶᠠᠷ ᠯᠠ ᠡᠳᠡᠭᠡᠷ ᠢ ᠶᠠᠷᠢᠳᠠᠭ ᠪᠠᠢᠭᠰᠠᠨ ᠢ ᠮᠡᠳᠡᠬᠦ ᠪᠣᠯᠣᠨ᠎ᠠ᠃ 29 ᠨᠠᠮᠠᠶᠢ ᠢᠯᠡᠭᠡᠭᠴᠢ ᠨᠢ ᠨᠠᠳᠠ ᠲᠠᠢ ᠬᠠᠮᠲᠤ ᠪᠠᠢᠨ᠎ᠠ᠃ ᠪᠢ ᠦᠷᠭᠦᠯᠵᠢ ᠲᠡᠭᠦᠨ ᠳᠦ ᠲᠠᠭᠠᠯᠠᠭᠳᠠᠬᠤ ᠵᠦᠢᠯᠡᠰ ᠢ ᠦᠢᠯᠡᠳᠳᠡᠭ ᠤᠴᠢᠷ ᠠᠴᠠ ᠲᠡᠷᠡ ᠨᠠᠮᠠᠶᠢ ᠭᠠᠭᠴᠠᠭᠠᠷ ᠨᠢ ᠣᠷᠬᠢᠭ᠎ᠠ ᠦᠭᠡᠢ》 ᠭᠡᠪᠡ᠃ 30 ᠡᠢᠨ ᠬᠦ ᠶᠠᠷᠢᠭᠰᠠᠨ ᠳᠤ᠂ ᠣᠯᠠᠨ ᠬᠥᠮᠦᠨ ᠲᠡᠭᠦᠨ ᠳᠦ ᠢᠲᠡᠭᠡᠵᠡᠢ᠃
ᠦᠨᠡᠨ ᠨᠢ ᠲᠠ ᠨᠠᠷ ᠢ ᠴᠢᠯᠥᠭᠡᠯᠡᠨ᠎ᠡ
31 ᠢᠰᠦ᠋ᠰ ᠥᠪᠡᠷ ᠢ ᠨᠢ ᠢᠲᠡᠭᠡᠭᠰᠡᠨ ᠶᠦᠳᠠᠢᠴᠤᠳ ᠲᠤ᠄ 《ᠬᠡᠷᠪᠡ ᠲᠠ ᠨᠠᠷ ᠮᠢᠨᠦ ᠦᠭᠡ ᠪᠡᠷ ᠶᠠᠪᠤᠪᠠᠯ ᠦᠨᠡᠬᠡᠷ ᠮᠢᠨᠦ ᠱᠠᠪᠢ ᠪᠣᠯᠬᠤ ᠪᠥᠭᠡᠳ 32 ᠦᠨᠡᠨ ᠢ ᠮᠡᠳᠡᠵᠦ᠂ ᠦᠨᠡᠨ ᠨᠢ ᠲᠠ ᠨᠠᠷ ᠢ ᠴᠢᠯᠥᠭᠡᠯᠡᠬᠦ ᠪᠣᠯᠣᠨ᠎ᠠ》 ᠭᠡᠰᠡᠨ ᠳᠦ᠂ 33 ᠲᠡᠳᠡ ᠬᠠᠷᠢᠭᠤ ᠳᠤᠨᠢ᠄ 《ᠪᠢᠳᠡ ᠠᠪᠷᠠᠬᠠᠮ ᠤᠨ ᠦᠷ᠎ᠡ ᠤᠳᠤᠮ ᠮᠥᠨ ᠪᠥᠭᠡᠳ ᠬᠡᠨ ᠳᠦ ᠴᠤ ᠪᠣᠭᠣᠯᠴᠢᠯᠠᠭᠳᠠᠵᠤ ᠪᠠᠢᠭ᠎ᠠ ᠦᠭᠡᠢ ᠪᠠᠢᠲᠠᠯ᠎ᠠ ᠲᠠ ᠶᠠᠭᠤᠨ ᠳᠤ 〈ᠲᠠ ᠨᠠᠷ ᠴᠢᠯᠥᠭᠡᠯᠡᠭᠳᠡᠬᠦ ᠪᠣᠯᠣᠨ᠎ᠠ〉 ᠭᠡᠵᠦ ᠬᠡᠯᠡᠵᠦ ᠪᠠᠢᠭ᠎ᠠ ᠶᠤᠮ ᠪᠤᠢ︖》 ᠭᠡᠪᠡ᠃
34 ᠢᠰᠦ᠋ᠰ ᠲᠡᠳᠡᠨ ᠳᠦ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠨᠢᠭᠦᠯ ᠦᠢᠯᠡᠳᠦᠭᠴᠢ ᠪᠣᠯᠭᠠᠨ ᠨᠢᠭᠦᠯ ᠦᠨ ᠪᠣᠭᠣᠯ ᠮᠥᠨ᠃ 35 ᠪᠣᠭᠣᠯ ᠪᠠᠢᠩ᠋ᠭᠤ ᠭᠡᠷ ᠲᠦ ᠪᠠᠢᠳᠠᠭ ᠪᠢᠰᠢ᠂ ᠬᠠᠷᠢᠨ ᠬᠦᠦ ᠯᠠ ᠪᠠᠢᠩ᠋ᠭᠤ ᠪᠠᠢᠳᠠᠭ᠃ 36 ᠡᠢᠮᠦ ᠡᠴᠡ ᠪᠤᠷᠬᠠᠨ ᠤ ᠬᠦᠦ ᠲᠠ ᠨᠠᠷ ᠢ ᠴᠢᠯᠥᠭᠡᠯᠡᠪᠡᠯ ᠲᠠ ᠨᠠᠷ ᠯᠠᠪᠲᠠᠢ ᠴᠢᠯᠥᠭᠡᠯᠡᠭᠳᠡᠨᠡ᠃ 37 ᠲᠠ ᠨᠠᠷ ᠠᠪᠷᠠᠬᠠᠮ ᠤᠨ ᠦᠷ᠎ᠡ ᠤᠳᠤᠮ ᠮᠥᠨ ᠭᠡᠳᠡᠭ ᠢ ᠪᠢ ᠮᠡᠳᠡᠨ᠎ᠡ᠃ ᠭᠡᠪᠡᠴᠦ ᠲᠠ ᠨᠠᠷ ᠨᠠᠮᠠᠶᠢ ᠠᠯᠠᠬᠤ ᠭᠡᠵᠦ ᠪᠠᠢᠨ᠎ᠠ᠂ ᠲᠠ ᠨᠠᠷ ᠤᠨ ᠳᠣᠲᠣᠷ᠎ᠠ ᠮᠢᠨᠦ ᠦᠭᠡ ᠶᠢᠨ ᠣᠷᠣᠰᠢᠬᠤ ᠵᠠᠢ ᠪᠠᠢᠬᠤ ᠦᠭᠡᠢ᠃ 38 ᠡᠴᠢᠭᠡ ᠲᠠᠢ ᠪᠠᠨ ᠪᠠᠢᠬᠤ ᠳᠤ ᠬᠠᠷᠠᠭᠰᠠᠨ ᠢᠶᠠᠨ ᠪᠢ ᠶᠠᠷᠢᠵᠤ᠂ ᠲᠠ ᠨᠠᠷ ᠴᠤ ᠡᠴᠢᠭᠡ ᠡᠴᠡ ᠪᠡᠨ ᠰᠣᠨᠣᠰᠣᠭᠰᠠᠨ ᠢᠶᠠᠨ ᠬᠢᠳᠡᠭ 14 》 ᠭᠡᠪᠡ᠃
39 ᠲᠡᠳᠡ ᠢᠰᠦ᠋ᠰ ᠲᠤ᠄ 《ᠪᠢᠳᠡᠨ ᠦ ᠡᠴᠢᠭᠡ ᠪᠣᠯ ᠠᠪᠷᠠᠬᠠᠮ ᠮᠥᠨ》 ᠭᠡᠰᠡᠨ ᠳᠦ᠂ ᠢᠰᠦ᠋ᠰ᠄ 《ᠬᠡᠷᠪᠡ ᠲᠠ ᠨᠠᠷ ᠠᠪᠷᠠᠬᠠᠮ ᠤᠨ ᠬᠡᠦᠬᠡᠳ ᠮᠥᠨ ᠪᠣᠯ ᠠᠪᠷᠠᠬᠠᠮ ᠤᠨ ᠬᠢᠭᠰᠡᠨ ᠢ ᠬᠢᠬᠦ ᠶᠣᠰᠣᠲᠠᠢ ᠰᠠᠨ᠃ 40 ᠬᠠᠷᠢᠨ ᠪᠤᠷᠬᠠᠨ ᠠᠴᠠ ᠰᠣᠨᠣᠰᠣᠭᠰᠠᠨ ᠦᠨᠡᠨ ᠢ ᠶᠠᠷᠢᠳᠠᠭ ᠨᠠᠮᠠᠶᠢ ᠣᠳᠣ ᠲᠠ ᠨᠠᠷ ᠠᠯᠠᠬᠤ ᠭᠡᠵᠦ ᠪᠠᠢᠨ᠎ᠠ᠂ ᠠᠪᠷᠠᠬᠠᠮ ᠢᠩᠭᠢᠭᠡ ᠦᠭᠡᠢ᠃ 41 ᠲᠠ ᠨᠠᠷ ᠡᠴᠢᠭᠡ ᠶᠢᠨ ᠢᠶᠠᠨ ᠬᠢᠭᠰᠡᠨ ᠢ ᠬᠢᠵᠦ ᠪᠠᠢᠨ᠎ᠠ》 ᠭᠡᠰᠡᠨ ᠳᠦ᠂ ᠲᠡᠳᠡ᠄ 《ᠪᠢᠳᠡ ᠰᠠᠳᠤᠷ ᠰᠠᠮᠠᠭᠤᠨ ᠠᠴᠠ ᠲᠥᠷᠥᠭᠡ ᠦᠭᠡᠢ᠃ ᠪᠢᠳᠡᠨ ᠦ ᠴᠣᠷ ᠤᠨ ᠭᠠᠭᠴᠠ ᠡᠴᠢᠭᠡ ᠪᠣᠯ ᠪᠤᠷᠬᠠᠨ ᠪᠢᠯᠡ》 ᠭᠡᠪᠡ᠃ 42 ᠢᠰᠦ᠋ᠰ᠄ 《ᠬᠡᠷᠪᠡ ᠪᠤᠷᠬᠠᠨ ᠲᠠ ᠨᠠᠷ ᠤᠨ ᠡᠴᠢᠭᠡ ᠮᠥᠨ ᠪᠣᠯ ᠲᠠ ᠨᠠᠷ ᠨᠠᠮᠠᠶᠢ ᠬᠠᠢᠷᠠᠯᠠᠬᠤ ᠪᠠᠢᠭᠰᠠᠨ᠃ ᠤᠴᠢᠷ ᠨᠢ ᠪᠢ ᠪᠤᠷᠬᠠᠨ ᠠᠴᠠ ᠭᠠᠷᠴᠤ ᠡ᠊ᠨᠳᠡ ᠢᠷᠡᠭᠡᠳ ᠪᠠᠢᠨ᠎ᠠ᠃ ᠪᠢ ᠥᠪᠡᠷ ᠦᠨ ᠢᠶᠠᠨ ᠰᠠᠨᠠᠭ᠎ᠠ ᠪᠠᠷ ᠢᠷᠡᠭᠡ ᠦᠭᠡᠢ᠂ ᠬᠠᠷᠢᠨ ᠪᠤᠷᠬᠠᠨ ᠨᠠᠮᠠᠶᠢ ᠢᠯᠡᠭᠡᠭᠰᠡᠨ᠃ 43 ᠲᠠ ᠨᠠᠷ ᠶᠠᠭᠠᠬᠢᠭᠠᠳ ᠮᠢᠨᠦ ᠶᠠᠷᠢᠶ᠎ᠠ ᠶᠢ ᠣᠢᠯᠠᠭᠠᠳᠠᠭ ᠦᠭᠡᠢ ᠶᠤᠮ ᠪᠤᠢ︖ ᠶᠠᠭᠠᠬᠢᠭᠠᠳ ᠭᠡᠪᠡᠯ᠂ ᠮᠢᠨᠦ ᠦᠭᠡ ᠶᠢ ᠬᠦᠯᠢᠶᠡᠨ ᠠᠪᠴᠤ ᠴᠢᠳᠠᠬᠤ ᠦᠭᠡᠢ ᠪᠠᠢᠨ᠎ᠠ᠃ 44 ᠲᠠ ᠨᠠᠷ ᠡᠴᠢᠭᠡ ᠰᠠᠲ᠋ᠠᠨ ᠠᠴᠠ ᠪᠠᠨ ᠭᠠᠷᠤᠯ ᠲᠠᠢ᠃ ᠲᠠ ᠨᠠᠷ ᠡᠴᠢᠭᠡ ᠶᠢᠨ ᠢᠶᠠᠨ ᠬᠦᠰᠡᠯ ᠢ ᠭᠦᠢᠴᠡᠳᠬᠡᠬᠦ ᠭᠡᠵᠦ ᠪᠠᠢᠨ᠎ᠠ᠃ ᠲᠡᠷᠡ ᠴᠢᠨᠢ ᠠᠩ᠋ᠬᠠᠨ ᠠᠴᠠ ᠪᠠᠨ ᠶᠠᠷᠭᠠᠴᠢᠨ ᠪᠠᠢᠭᠰᠠᠨ᠃ ᠲᠡᠭᠦᠨ ᠳᠦ ᠦᠨᠡᠨ ᠪᠠᠢᠳᠠᠭ ᠦᠭᠡᠢ ᠪᠣᠯᠬᠣᠷ ᠲᠡᠷᠡ ᠬᠤᠳᠠᠯ ᠬᠡᠯᠡᠬᠦ ᠳᠡᠭᠡᠨ ᠤᠭ ᠴᠢᠨᠠᠷ ᠢᠶᠠᠨ ᠢᠯᠡᠷᠡᠭᠦᠯᠳᠡᠭ᠃ ᠤᠴᠢᠷ ᠨᠢ ᠲᠡᠷᠡ ᠬᠤᠳᠠᠯᠴᠢ ᠪᠥᠭᠡᠳ ᠬᠤᠳᠠᠯ ᠤᠨ ᠡᠴᠢᠭᠡ ᠶᠤᠮ᠃ 45 ᠬᠠᠷᠢᠨ ᠪᠢ ᠦᠨᠡᠨ ᠢ ᠬᠡᠯᠡᠳᠡᠭ ᠲᠤᠯᠠ ᠲᠠ ᠨᠠᠷ ᠨᠠᠮᠠᠶᠢ ᠢᠲᠡᠭᠡᠳᠡᠭ ᠦᠭᠡᠢ᠃ 46 ᠲᠠ ᠨᠠᠷ ᠤᠨ ᠬᠡᠨ ᠨᠢ ᠨᠠᠮᠠᠶᠢ ᠨᠢᠭᠦᠯ ᠲᠡᠢ ᠭᠡᠵᠦ ᠪᠤᠷᠤᠭᠤᠰᠢᠶᠠᠨ᠎ᠠ ᠪᠤᠢ︖ ᠪᠢ ᠦᠨᠡᠨ ᠢ ᠬᠡᠯᠡᠵᠦ ᠪᠠᠢᠲᠠᠯ᠎ᠠ ᠲᠠ ᠨᠠᠷ ᠶᠠᠭᠠᠬᠢᠭᠠᠳ ᠨᠠᠮᠠᠶᠢ ᠢᠲᠡᠭᠡᠬᠦ ᠦᠭᠡᠢ ᠪᠤᠢ︖ 47 ᠪᠤᠷᠬᠠᠨ ᠠᠴᠠ ᠭᠠᠷᠤᠯ ᠲᠠᠢ ᠬᠥᠮᠦᠨ ᠪᠤᠷᠬᠠᠨ ᠤ ᠦᠭᠡᠰ ᠢ ᠰᠣᠨᠣᠰᠳᠠᠭ᠃ ᠲᠠ ᠨᠠᠷ ᠪᠤᠷᠬᠠᠨ ᠠᠴᠠ ᠭᠠᠷᠤᠯ ᠦᠭᠡᠢ ᠪᠣᠯᠬᠣᠷ ᠰᠣᠨᠣᠰᠳᠠᠭ ᠦᠭᠡᠢ》 ᠭᠡᠯᠡ᠃
48 ᠡᠭᠦᠨ ᠳᠦ ᠶᠦᠳᠠᠢᠴᠤᠳ᠄ 《ᠲᠠ ᠪᠣᠯ ᠰᠠᠮᠠᠷᠢᠶ᠎ᠠ ᠶᠢᠨ ᠬᠢ᠂ ᠲᠠᠨ ᠳᠤ ᠴᠢᠳᠬᠥᠷ ᠣᠷᠣᠰᠢᠭᠰᠠᠨ ᠭᠡᠵᠦ ᠪᠢᠳᠡᠨ ᠦ ᠬᠡᠯᠡᠳᠡᠭ ᠨᠢ ᠵᠥᠪ ᠪᠢᠰᠢ ᠤᠤ︖》 ᠭᠡᠵᠡᠭᠡᠬᠦ ᠳᠦ᠂ 49 ᠢᠰᠦ᠋ᠰ᠄ 《ᠨᠠᠳᠠ ᠳᠤ ᠴᠢᠳᠬᠥᠷ ᠣᠷᠣᠰᠢᠭᠠ ᠦᠭᠡᠢ᠃ ᠪᠢ ᠡᠴᠢᠭᠡ ᠪᠡᠨ ᠬᠦᠨᠳᠦᠳᠬᠡᠳᠡᠭ᠂ ᠲᠠ ᠨᠠᠷ ᠨᠠᠮᠠᠶᠢ ᠬᠥᠩᠭᠡᠪᠴᠢᠯᠡᠳᠡᠭ᠌᠃ 50 ᠪᠢ ᠥᠪᠡᠷ ᠦᠨ ᠢᠶᠠᠨ ᠠᠯᠳᠠᠷ ᠰᠤᠤ ᠶᠢ ᠬᠠᠢᠳᠠᠭ ᠦᠭᠡᠢ᠂ ᠬᠠᠷᠢᠨ ᠡᠭᠦᠨ ᠢ ᠬᠠᠢᠵᠤ ᠥᠭᠳᠡᠭ ᠨᠢᠭᠡᠨ ᠪᠤᠢ᠂ ᠲᠡᠷᠡ ᠪᠣᠯ ᠰᠢᠭᠦᠭᠴᠢ ᠮᠥᠨ᠃ 51 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠬᠡᠨ ᠮᠢᠨᠦ ᠦᠭᠡ ᠶᠢ ᠰᠠᠬᠢᠪᠠᠯ ᠦᠬᠦᠯ ᠢ ᠬᠡᠵᠢᠶ᠎ᠡ ᠴᠤ ᠶᠡᠷᠦ ᠦᠵᠡᠬᠦ ᠦᠭᠡᠢ》 ᠭᠡᠰᠡᠨ ᠳᠦ᠂ 52 ᠶᠦᠳᠠᠢᠴᠤᠳ᠄ 《ᠲᠠᠨ ᠳᠤ ᠴᠢᠳᠬᠥᠷ ᠣᠷᠣᠰᠢᠭᠰᠠᠨ ᠢ ᠪᠢᠳᠡ ᠣᠳᠣ ᠮᠡᠳᠡᠯ᠎ᠡ᠃ ᠠᠪᠷᠠᠬᠠᠮ ᠦᠬᠦᠭᠰᠡᠨ᠂ ᠡᠰᠢ ᠦᠵᠡᠭᠦᠯᠦᠭᠴᠢᠳ ᠴᠤ ᠦᠬᠦᠭᠰᠡᠨ ᠪᠠᠢᠲᠠᠯ᠎ᠠ ᠲᠠ᠄ 〈ᠬᠡᠨ ᠮᠢᠨᠦ ᠦᠭᠡ ᠶᠢ ᠰᠠᠬᠢᠪᠠᠯ ᠦᠬᠦᠯ ᠢ ᠬᠡᠵᠢᠶ᠎ᠡ ᠴᠤ ᠶᠡᠷᠦ ᠠᠮᠰᠠᠬᠤ ᠦᠭᠡᠢ〉 ᠭᠡᠵᠦ ᠪᠠᠢᠨ᠎ᠠ᠃ 53 ᠲᠠ ᠪᠢᠳᠡᠨ ᠦ ᠳᠡᠭᠡᠳᠦᠰ ᠠᠪᠷᠠᠬᠠᠮ ᠠᠴᠠ ᠴᠤ ᠠᠭᠤᠤ ᠶᠤᠮ ᠤᠤ︖ ᠲᠡᠷᠡ ᠦᠬᠦᠭᠰᠡᠨ᠂ ᠡᠰᠢ ᠦᠵᠡᠭᠦᠯᠦᠭᠴᠢᠳ ᠴᠤ ᠦᠬᠦᠭᠰᠡᠨ᠂ ᠲᠠ ᠥᠪᠡᠷ ᠢ ᠪᠠᠨ ᠬᠡᠨ ᠭᠡᠵᠦ ᠪᠣᠳᠣᠵᠤ ᠪᠠᠢᠨ᠎ᠠ ᠪᠤᠢ︖》 ᠭᠡᠵᠡᠭᠡᠪᠡ᠃ 54 ᠢᠰᠦ᠋ᠰ᠄ 《ᠬᠡᠷᠪᠡ ᠪᠢ ᠥᠪᠡᠷ ᠢ ᠪᠠᠨ ᠠᠯᠳᠠᠷᠰᠢᠭᠤᠯᠪᠠᠯ ᠮᠢᠨᠦ ᠠᠯᠳᠠᠷ ᠰᠤᠤ ᠶᠠᠭᠤ ᠴᠤ ᠪᠢᠰᠢ᠂ ᠨᠠᠮᠠᠶᠢ ᠠᠯᠳᠠᠷᠰᠢᠭᠤᠯᠤᠭᠴᠢ ᠨᠢ 〈ᠪᠢᠳᠡᠨ ᠦ ᠪᠤᠷᠬᠠᠨ〉 ᠭᠡᠵᠦ ᠲᠠ ᠨᠠᠷ ᠤᠨ ᠳᠠᠭᠤᠳᠠᠳᠠᠭ ᠮᠢᠨᠦ ᠡᠴᠢᠭᠡ ᠮᠥᠨ᠃ 55 ᠲᠠ ᠨᠠᠷ ᠲᠡᠭᠦᠨ ᠢ ᠲᠠᠨᠢᠬᠤ ᠦᠭᠡᠢ᠂ ᠬᠠᠷᠢᠨ ᠪᠢ ᠲᠡᠭᠦᠨ ᠢ ᠲᠠᠨᠢᠨ᠎ᠠ᠃ ᠬᠡᠷᠪᠡ ᠪᠢ ᠲᠡᠭᠦᠨ ᠢ ᠲᠠᠨᠢᠬᠤ ᠦᠭᠡᠢ ᠭᠡᠵᠦ ᠬᠡᠯᠡᠪᠡᠯ ᠲᠠ ᠨᠠᠷ ᠲᠠᠢ ᠠᠳᠠᠯᠢ ᠬᠤᠳᠠᠯᠴᠢ ᠪᠣᠯᠣᠨ᠎ᠠ᠃ ᠬᠠᠷᠢᠨ ᠪᠢ ᠲᠡᠭᠦᠨ ᠢ ᠲᠠᠨᠢᠬᠤ ᠪᠥᠭᠡᠳ ᠲᠡᠭᠦᠨ ᠦ ᠦᠭᠡ ᠶᠢ ᠰᠠᠬᠢᠳᠠᠭ᠃ 56 ᠲᠠ ᠨᠠᠷ ᠤᠨ ᠳᠡᠭᠡᠳᠦᠰ ᠠᠪᠷᠠᠬᠠᠮ ᠮᠢᠨᠦ ᠡᠳᠦᠷ ᠢ ᠬᠠᠷᠠᠨ᠎ᠠ ᠭᠡᠳ ᠬᠥᠭᠡᠷᠴᠦ᠂ ᠡᠭᠦᠨ ᠢ ᠬᠠᠷᠠᠭᠠᠳ ᠪᠠᠶᠠᠷᠯᠠᠭᠰᠠᠨ》 ᠭᠡᠪᠡ᠃ 57 ᠶᠦᠳᠠᠢᠴᠤᠳ᠄ 《ᠲᠠ ᠲᠠᠪᠢᠨ ᠨᠠᠰᠤ ᠴᠤ ᠬᠦᠷᠦᠭᠡ ᠦᠭᠡᠢ ᠪᠠᠢᠵᠤ᠂ ᠠᠪᠷᠠᠬᠠᠮ ᠢ ᠬᠠᠷᠠᠭᠰᠠᠨ ᠭᠡᠵᠢ ᠤᠤ︖》 ᠬᠡᠮᠡᠯᠴᠡᠬᠦ ᠳᠦ᠂ 58 ᠢᠰᠦ᠋ᠰ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠠᠪᠷᠠᠬᠠᠮ ᠲᠥᠷᠥᠬᠦ ᠡᠴᠡ ᠡᠮᠦᠨ᠎ᠡ ᠪᠢ ᠪᠤᠢ 15 》 ᠭᠡᠵᠡᠢ᠃ 59 ᠲᠡᠳᠡ ᠴᠢᠯᠠᠭᠤ ᠰᠢᠭᠦᠷᠦᠨ ᠲᠡᠭᠦᠨ ᠤᠷᠤᠭᠤ ᠰᠢᠳᠡᠬᠦ ᠭᠡᠲᠡᠯ᠎ᠡ ᠢᠰᠦ᠋ᠰ ᠳᠠᠯᠳᠠᠯᠠᠭᠰᠠᠭᠠᠷ ᠠᠷᠢᠭᠤᠨ ᠣᠷᠳᠣᠨ ᠠᠴᠠ ᠭᠠᠷᠤᠯ᠎ᠠ᠃