1 2 3 4 5 6 7 8 9 10 11 12 13 14 15 16 17 18 19 20 21


ᠶᠣᠬᠠᠨ ᠠᠷᠪᠠᠨ ᠳᠣᠯᠣᠭ᠎ᠠ
 ᠢᠰᠦ᠋ᠰ ᠲᠡᠷᠢᠭᠦᠨ ᠲᠠᠬᠢᠯᠴᠢ ᠶᠢᠨ ᠡᠷᠬᠡ ᠪᠡᠷ ᠢᠶᠠᠨ ᠳᠠᠭᠠᠳᠬᠠᠭᠰᠠᠨ ᠨᠢ

1 ᠢᠰᠦ᠋ᠰ ᠢᠩᠭᠢᠵᠦ ᠬᠡᠯᠡᠭᠡᠳ ᠲᠩᠷᠢ ᠥᠭᠡᠳᠡ ᠬᠠᠷᠠᠨ ᠳᠠᠭᠠᠳᠬᠠᠵᠤ᠄ 《ᠠᠪᠤ ᠡ᠂ ᠴᠠᠭ ᠢᠷᠡᠯ᠎ᠡ᠃ ᠬᠦᠦ ᠪᠡᠨ ᠠᠯᠳᠠᠷᠰᠢᠭᠤᠯᠤᠭᠠᠴᠢ᠂ ᠬᠦᠦ ᠴᠢᠨᠢ ᠲᠠᠨ ᠢ ᠠᠯᠳᠠᠷᠰᠢᠭᠤᠯᠬᠤ ᠪᠣᠯᠣᠨ᠎ᠠ᠃ 2 ᠲᠠ ᠬᠦᠦ ᠳᠡᠭᠡᠨ ᠬᠠᠮᠤᠭ ᠬᠥᠮᠦᠨ ᠢ ᠵᠠᠬᠢᠷᠬᠤ ᠡᠷᠬᠡ ᠶᠢ ᠰᠣᠶᠣᠷᠬᠠᠵᠤ᠂ ᠲᠠᠨ ᠤ ᠲᠡᠭᠦᠨ ᠳᠦ ᠥᠭᠭᠥᠭᠰᠡᠨ ᠬᠥᠮᠦᠨ ᠪᠦᠬᠦᠨ ᠳᠡᠭᠡᠨ ᠮᠥᠩᠬᠡ ᠠᠮᠢ ᠶᠢ ᠥᠭᠭᠥᠭᠦᠯᠦᠭᠰᠡᠨ ᠶᠤᠮ᠃ 3 ᠴᠣᠷ ᠤᠨ ᠭᠠᠭᠴᠠ ᠵᠢᠩᠬᠢᠨᠢ ᠪᠤᠷᠬᠠᠨ ᠲᠠᠨ ᠢ ᠪᠣᠯᠣᠨ ᠲᠠᠨ ᠤ ᠢᠯᠡᠭᠡᠭᠰᠡᠨ ᠢᠰᠦ᠋ᠰ ᠾᠷᠢᠰᠲ᠋ᠣᠰ ᠢ ᠲᠠᠨᠢᠬᠤ ᠨᠢ ᠮᠥᠩᠬᠡ ᠠᠮᠢ ᠮᠥᠨ᠃ 4 ᠪᠢ ᠲᠠᠨ ᠤ ᠳᠠᠭᠠᠭᠠᠯᠭᠠᠭᠰᠠᠨ ᠠᠵᠢᠯ ᠢ ᠭᠦᠢᠴᠡᠳᠬᠡᠵᠦ᠂ ᠲᠠᠨ ᠢ ᠭᠠᠵᠠᠷ ᠳᠡᠭᠡᠷ᠎ᠡ ᠠᠯᠳᠠᠷᠰᠢᠭᠤᠯᠪᠠ᠃ 5 ᠠᠪᠤ ᠡ᠂ ᠶᠢᠷᠲᠢᠨᠴᠦ ᠶᠢ ᠪᠦᠲᠦᠭᠡᠬᠦ ᠡᠴᠡ ᠡᠮᠦᠨ᠎ᠡ᠂ ᠲᠠᠨ ᠤ ᠳᠡᠷᠭᠡᠳᠡ ᠮᠢᠨᠦ ᠡᠳ᠋ᠯᠡᠭᠰᠡᠨ ᠠᠯᠳᠠᠷ ᠰᠤᠤ ᠪᠠᠷ ᠣᠳᠣ ᠨᠠᠮᠠᠶᠢ ᠳᠡᠷᠭᠡᠳᠡ ᠪᠡᠨ ᠠᠯᠳᠠᠷᠰᠢᠭᠤᠯᠤᠭᠠᠴᠢ᠃

6 ᠶᠢᠷᠲᠢᠨᠴᠦ ᠡᠴᠡ ᠲᠠᠨ ᠤ ᠨᠠᠳᠠ ᠳᠤ ᠥᠭᠭᠥᠭᠰᠡᠨ ᠬᠥᠮᠦᠰ ᠲᠦ ᠪᠢ ᠲᠠᠨ ᠤ ᠨᠡᠷ᠎ᠡ ᠶᠢ ᠢᠯᠡᠷᠬᠡᠶᠢᠯᠡᠭᠰᠡᠨ᠃ ᠲᠡᠳᠡ ᠲᠠᠨ ᠤ ᠬᠢ ᠪᠠᠢᠭᠰᠠᠨ᠂ ᠲᠠ ᠲᠡᠳᠡᠨ ᠢ ᠨᠠᠳᠠ ᠳᠤ ᠥᠭᠭᠥᠭᠰᠡᠨ ᠪᠥᠭᠡᠳ ᠲᠡᠳᠡ ᠲᠠᠨ ᠤ ᠦᠭᠡ ᠶᠢ ᠰᠠᠬᠢᠭᠰᠠᠨ᠃ 7 ᠲᠠᠨ ᠤ ᠨᠠᠳᠠ ᠳᠤ ᠥᠭᠭᠥᠭᠰᠡᠨ ᠠᠯᠢᠪᠠ ᠪᠦᠬᠦᠨ ᠲᠠᠨ ᠠᠴᠠ ᠢᠷᠡᠭᠰᠡᠨ ᠢ ᠣᠳᠣ ᠲᠡᠳᠡ ᠮᠡᠳᠡᠯ᠎ᠡ᠃ 8 ᠲᠠᠨ ᠤ ᠨᠠᠳᠠ ᠳᠤ ᠥᠭᠭᠥᠭᠰᠡᠨ ᠦᠭᠡᠰ ᠢ ᠪᠢ ᠲᠡᠳᠡᠨ ᠳᠦ ᠥᠭᠭᠥᠭᠰᠡᠨ ᠳᠦ᠂ ᠲᠡᠳᠡ ᠬᠦᠯᠢᠶᠡᠨ ᠠᠪᠤᠭᠰᠠᠨ ᠪᠥᠭᠡᠳ ᠨᠠᠮᠠᠶᠢ ᠲᠠᠨ ᠠᠴᠠ ᠢᠷᠡᠭᠰᠡᠨ ᠭᠡᠵᠦ ᠦᠨᠡᠬᠡᠷ ᠣᠢᠯᠠᠭᠠᠭᠠᠳ ᠲᠠᠨ ᠤ ᠨᠠᠮᠠᠶᠢ ᠢᠯᠡᠭᠡᠭᠰᠡᠨ ᠢ ᠴᠤ ᠢᠲᠡᠭᠡᠵᠡᠢ᠃ 9 ᠪᠢ ᠲᠡᠳᠡᠨ ᠦ ᠲᠥᠯᠥᠭᠡ ᠳᠠᠭᠠᠳᠬᠠᠨ᠎ᠠ᠃ ᠪᠢ ᠶᠢᠷᠲᠢᠨᠴᠦ ᠶᠢᠨ ᠲᠥᠯᠥᠭᠡ ᠪᠤᠰᠤ᠂ ᠬᠠᠷᠢᠨ ᠲᠠᠨ ᠤ ᠨᠠᠳᠠ ᠳᠤ ᠥᠭᠭᠥᠭᠰᠡᠨ ᠬᠥᠮᠦᠰ ᠦᠨ ᠲᠥᠯᠥᠭᠡ ᠳᠠᠭᠠᠳᠬᠠᠵᠤ ᠪᠠᠢᠨ᠎ᠠ᠃ ᠤᠴᠢᠷ ᠨᠢ ᠲᠡᠳᠡ ᠲᠠᠨ ᠤ ᠬᠢ ᠪᠢᠯᠡ᠃ 10 ᠮᠢᠨᠦ ᠪᠦᠬᠦ ᠶᠠᠭᠤᠮ᠎ᠠ ᠲᠠᠨ ᠤ ᠬᠢ᠂ ᠲᠠᠨ ᠤ ᠪᠦᠬᠦ ᠶᠠᠭᠤᠮ᠎ᠠ ᠮᠢᠨᠦᠬᠢ᠃ ᠪᠢ ᠲᠡᠳᠡᠨ ᠦ ᠳᠤᠮᠳᠠ ᠠᠯᠳᠠᠷᠰᠢᠳᠠᠭ᠃ 11 ᠡᠭᠦᠨ ᠡᠴᠡ ᠬᠣᠢᠰᠢ ᠪᠢ ᠲᠠᠨ ᠤᠷᠤᠭᠤ ᠣᠴᠢᠵᠤ᠂ ᠶᠢᠷᠲᠢᠨᠴᠦ ᠳᠦ ᠪᠠᠢᠬᠤ ᠦᠭᠡᠢ ᠪᠣᠯᠣᠨ᠎ᠠ᠂ ᠬᠠᠷᠢᠨ ᠲᠡᠳᠡ ᠶᠢᠷᠲᠢᠨᠴᠦ ᠳᠦ ᠦᠯᠡᠳᠡᠨ᠎ᠡ᠃ ᠠᠷᠢᠭᠤᠨ ᠠᠪᠤ ᠡ᠂ ᠨᠠᠳᠠ ᠳᠤ ᠥᠭᠭᠥᠭᠰᠡᠨ ᠨᠡᠷ᠎ᠡ ᠪᠡᠷ ᠢᠶᠠᠨ ᠲᠡᠳᠡᠨ ᠢ ᠬᠠᠮᠠᠭᠠᠯᠠᠵᠤ᠂ ᠲᠡᠳᠡᠨ ᠢ ᠪᠢᠳᠡᠨ ᠦ ᠠᠳᠠᠯᠢ ᠨᠢᠭᠡᠳᠬᠡᠭᠡᠴᠢ᠃ 12 ᠪᠢ ᠲᠡᠳᠡᠨ ᠲᠡᠢ ᠬᠠᠮᠲᠤ ᠪᠠᠢᠬᠤ ᠳᠠᠭᠠᠨ ᠲᠠᠨ ᠤ ᠨᠠᠳᠠ ᠳᠤ ᠥᠭᠭᠥᠭᠰᠡᠨ ᠨᠡᠷ᠎ᠡ ᠪᠡᠷ ᠲᠡᠳᠡᠨ ᠢ ᠬᠠᠮᠠᠭᠠᠯᠠᠵᠤ ᠰᠠᠬᠢᠵᠤ ᠪᠠᠢᠭᠰᠠᠨ ᠳᠤ᠂ ᠮᠥᠬᠥᠬᠦ ᠶᠣᠰᠣᠲᠠᠢ ᠬᠥᠮᠦᠨ ᠡᠴᠡ ᠭᠠᠳᠠᠨ᠎ᠠ ᠨᠢᠭᠡ ᠨᠢ ᠴᠤ ᠮᠥᠬᠥᠭᠰᠡᠨ ᠦᠭᠡᠢ ᠪᠠᠷ ᠠᠷᠢᠭᠤᠨ ᠨᠣᠮ ᠳᠤ ᠪᠢᠴᠢᠭᠳᠡᠭᠰᠡᠨ ᠨᠢ ᠪᠡᠶᠡᠯᠡᠭᠳᠡᠵᠡᠢ᠃
 ᠶᠢᠷᠲᠢᠨᠴᠦ ᠳᠠᠬᠢ ᠱᠠᠪᠢ ᠨᠠᠷ

13 ᠣᠳᠣ ᠪᠢ ᠲᠠᠨ ᠤᠷᠤᠭᠤ ᠣᠴᠢᠨ᠎ᠠ᠃ ᠬᠠᠷᠢᠨ ᠲᠡᠳᠡᠨ ᠦ ᠳᠣᠲᠣᠷ᠎ᠠ ᠮᠢᠨᠦ ᠪᠠᠶᠠᠰᠤᠯ ᠢ ᠳᠦᠭᠦᠷᠡᠩ ᠪᠠᠢᠯᠭᠠᠬᠤ ᠶᠢᠨ ᠲᠤᠯᠠᠳᠠ ᠪᠢ ᠡᠳᠡᠭᠡᠷ ᠢ ᠶᠢᠷᠲᠢᠨᠴᠦ ᠳᠦ ᠪᠠᠢᠬᠤ ᠳᠠᠭᠠᠨ ᠶᠠᠷᠢᠵᠤ ᠪᠠᠢᠨ᠎ᠠ᠃ 14 ᠪᠢ ᠲᠡᠳᠡᠨ ᠳᠦ ᠲᠠᠨ ᠤ ᠦᠭᠡ ᠶᠢ ᠥᠭᠭᠥᠭᠰᠡᠨ ᠳᠦ ᠶᠢᠷᠲᠢᠨᠴᠦ ᠲᠡᠳᠡᠨ ᠢ ᠵᠠᠨᠤᠭᠰᠠᠨ᠂ ᠤᠴᠢᠷ ᠨᠢ ᠪᠢ ᠶᠢᠷᠲᠢᠨᠴᠦ ᠶᠢᠨ ᠬᠢ ᠪᠢᠰᠢ ᠶᠢᠨ ᠠᠳᠠᠯᠢ ᠲᠡᠳᠡ ᠪᠠᠰᠠ ᠶᠢᠷᠲᠢᠨᠴᠦ ᠶᠢᠨ ᠬᠢ ᠪᠢᠰᠢ ᠶᠤᠮ᠃ 15 ᠪᠢ ᠳᠠᠭᠠᠳᠬᠠᠬᠤ ᠳᠠᠭᠠᠨ ᠲᠡᠳᠡᠨ ᠢ ᠶᠢᠷᠲᠢᠨᠴᠦ ᠡᠴᠡ ᠠᠪᠠᠴᠢᠭᠠᠷᠠᠢ ᠭᠡᠬᠦ ᠦᠭᠡᠢ᠂ ᠬᠠᠷᠢᠨ ᠲᠡᠳᠡᠨ ᠢ ᠮᠠᠭᠤ ᠮᠠᠭᠤᠬᠠᠢ ᠨᠢᠭᠡᠨ ᠡᠴᠡ ᠬᠠᠮᠠᠭᠠᠯᠠᠭᠠᠴᠢ ᠭᠡᠳᠡᠭ᠃ 16 ᠪᠢ ᠶᠢᠷᠲᠢᠨᠴᠦ ᠶᠢᠨ ᠬᠢ ᠪᠢᠰᠢ ᠶᠢᠨ ᠠᠳᠠᠯᠢ ᠲᠡᠳᠡ ᠪᠠᠰᠠ ᠶᠢᠷᠲᠢᠨᠴᠦ ᠶᠢᠨ ᠬᠢ ᠪᠢᠰᠢ ᠪᠢᠯᠡ᠃ 17 ᠦᠨᠡᠨ ᠢᠶᠡᠷ ᠲᠡᠳᠡᠨ ᠢ ᠠᠷᠢᠭᠤᠳᠬᠠᠭᠠᠴᠢ᠂ ᠲᠠᠨ ᠤ ᠦᠭᠡ ᠪᠣᠯ ᠦᠨᠡᠨ ᠮᠥᠨ᠃ 18 ᠲᠠ ᠨᠠᠮᠠᠶᠢ ᠶᠢᠷᠲᠢᠨᠴᠦ ᠤᠷᠤᠭᠤ ᠢᠯᠡᠭᠡᠭᠰᠡᠨ ᠲᠡᠢ ᠠᠳᠠᠯᠢ ᠪᠢ ᠴᠤ ᠲᠡᠳᠡᠨ ᠢ ᠶᠢᠷᠲᠢᠨᠴᠦ ᠤᠷᠤᠭᠤ ᠢᠯᠡᠭᠡᠪᠡ᠃ 19 ᠪᠢ ᠲᠡᠳᠡᠨ ᠦ ᠲᠥᠯᠥᠭᠡ ᠥᠪᠡᠷ ᠢ ᠪᠠᠨ ᠠᠷᠢᠭᠤᠳᠬᠠᠨ᠎ᠠ᠂ ᠡᠨᠡ ᠨᠢ ᠲᠡᠳᠡᠨ ᠢ ᠴᠤ ᠦᠨᠡᠨ ᠢᠶᠡᠷ ᠠᠷᠢᠭᠤᠳᠬᠠᠭᠤᠯᠬᠤ ᠶᠢᠨ ᠲᠤᠯᠠᠳᠠ ᠶᠤᠮ᠃

20 ᠪᠢ ᠵᠥᠪᠬᠡᠨ ᠲᠡᠳᠡᠨ ᠦ ᠲᠥᠯᠥᠭᠡ ᠪᠤᠰᠤ᠂ ᠲᠡᠳᠡᠨ ᠦ ᠦᠭᠡ ᠪᠡᠷ ᠨᠠᠮᠠᠶᠢ ᠢᠲᠡᠭᠡᠬᠦ ᠬᠥᠮᠦᠰ ᠦᠨ ᠲᠥᠯᠥᠭᠡ ᠴᠤ ᠳᠠᠭᠠᠳᠬᠠᠵᠤ ᠪᠠᠢᠨ᠎ᠠ᠃ 21 ᠠᠪᠤ ᠡ᠂ ᠲᠠ ᠮᠢᠨᠦ ᠳᠣᠲᠣᠷ᠎ᠠ᠂ ᠪᠢ ᠲᠠᠨ ᠤ ᠳᠣᠲᠣᠷ᠎ᠠ ᠪᠠᠢᠭ᠎ᠠ ᠲᠠᠢ ᠠᠳᠠᠯᠢ᠂ ᠲᠡᠳᠡ ᠪᠦᠭᠦᠳᠡᠭᠡᠷ ᠢᠶᠡᠨ ᠨᠢᠭᠡᠳᠴᠦ᠂ ᠮᠥᠨ ᠲᠡᠳᠡ ᠪᠢᠳᠡᠨ ᠦ ᠳᠣᠲᠣᠷ᠎ᠠ ᠪᠠᠢᠵᠤ᠂ ᠲᠠᠨ ᠤ ᠨᠠᠮᠠᠶᠢ ᠢᠯᠡᠭᠡᠭᠰᠡᠨ ᠭᠡᠳᠡᠭ ᠢ ᠶᠢᠷᠲᠢᠨᠴᠦ ᠢᠲᠡᠭᠡᠬᠦ ᠪᠣᠯᠲᠤᠭᠠᠢ᠃
 ᠱᠠᠪᠢ ᠨᠠᠷ ᠤᠨ ᠠᠪᠤᠭᠰᠠᠨ ᠠᠯᠳᠠᠷ ᠰᠤᠤ

22 ᠲᠠᠨ ᠤ ᠨᠠᠳᠠ ᠳᠤ ᠥᠭᠭᠥᠭᠰᠡᠨ ᠠᠯᠳᠠᠷ ᠰᠤᠤ ᠶᠢ ᠪᠢ ᠲᠡᠳᠡᠨ ᠳᠦ ᠥᠭᠭᠥᠭᠰᠡᠨ ᠲᠤᠯᠠ ᠪᠢᠳᠡᠨ ᠦ ᠨᠢᠭᠡᠳᠦᠮᠡᠯ ᠪᠠᠢᠳᠠᠭ ᠤᠨ ᠠᠳᠠᠯᠢ ᠲᠡᠳᠡ ᠴᠤ ᠨᠢᠭᠡᠳᠬᠦ ᠶᠣᠰᠣᠲᠠᠢ᠃ 23 ᠪᠢ ᠲᠡᠳᠡᠨ ᠦ ᠳᠣᠲᠣᠷ᠎ᠠ᠂ ᠲᠠ ᠮᠢᠨᠦ ᠳᠣᠲᠣᠷ᠎ᠠ ᠪᠠᠢᠬᠤ ᠨᠢ ᠲᠡᠳᠡᠨ ᠢ ᠪᠦᠷᠢᠮᠦᠰᠦᠨ ᠨᠢᠭᠡᠳᠬᠡᠬᠦ ᠶᠢᠨ ᠲᠤᠯᠠᠳᠠ ᠶᠤᠮ᠂ ᠡᠢᠨ ᠬᠦ ᠲᠠᠨ ᠤ ᠨᠠᠮᠠᠶᠢ ᠢᠯᠡᠭᠡᠭᠰᠡᠨ ᠪᠠ ᠨᠠᠮᠠᠶᠢ ᠬᠠᠢᠷᠠᠯᠠᠳᠠᠭ ᠲᠠᠢ ᠠᠳᠠᠯᠢ ᠲᠡᠳᠡᠨ ᠢ ᠴᠤ ᠬᠠᠢᠷᠠᠯᠠᠳᠠᠭ ᠢ ᠶᠢᠷᠲᠢᠨᠴᠦ ᠮᠡᠳᠡᠬᠦ ᠪᠣᠯᠣᠨ᠎ᠠ᠃ 24 ᠠᠪᠤ ᠡ᠂ ᠲᠠᠨ ᠤ ᠨᠠᠳᠠ ᠳᠤ ᠥᠭᠭᠥᠭᠰᠡᠨ ᠬᠥᠮᠦᠰ ᠪᠠᠰᠠ ᠮᠢᠨᠦ ᠪᠠᠢᠳᠠᠭ ᠭᠠᠵᠠᠷ ᠲᠤ ᠨᠠᠳᠠ ᠲᠠᠢ ᠬᠠᠮᠲᠤ ᠪᠠᠢᠭᠠᠰᠠᠢ᠂ ᠶᠢᠷᠲᠢᠨᠴᠦ ᠪᠦᠲᠦᠭᠡᠭᠳᠡᠬᠦ ᠡᠴᠡ ᠡᠮᠦᠨ᠎ᠡ ᠲᠠ ᠨᠠᠮᠠᠶᠢ ᠬᠠᠢᠷᠠᠯᠠᠭᠰᠠᠨ ᠤᠴᠢᠷ ᠠᠴᠠ ᠲᠠᠨ ᠤ ᠨᠠᠳᠠ ᠳᠤ ᠥᠭᠭᠥᠭᠰᠡᠨ ᠠᠯᠳᠠᠷ ᠰᠤᠤ ᠶᠢ ᠮᠢᠨᠢ ᠲᠡᠳᠡ ᠨᠠᠷ ᠴᠤ ᠬᠠᠷᠠᠬᠤ ᠪᠣᠯᠲᠤᠭᠠᠢ᠃

25 ᠵᠥᠪᠲᠦ ᠠᠪᠤ ᠡ᠂ ᠶᠢᠷᠲᠢᠨᠴᠦ ᠲᠠᠨ ᠢ ᠲᠠᠨᠢᠳᠠᠭ ᠦᠭᠡᠢ ᠪᠣᠯᠪᠠᠴᠤ ᠪᠢ ᠲᠠᠨ ᠢ ᠲᠠᠨᠢᠳᠠᠭ ᠪᠥᠭᠡᠳ ᠲᠠᠨ ᠤ ᠨᠠᠮᠠᠶᠢ ᠢᠯᠡᠭᠡᠭᠰᠡᠨ ᠢ ᠡᠳᠡᠭᠡᠷ ᠬᠥᠮᠦᠰ ᠮᠡᠳᠡᠭᠰᠡᠨ᠃ 26 ᠪᠢ ᠲᠠᠨ ᠤ ᠨᠡᠷ᠎ᠡ ᠶᠢ ᠲᠡᠳᠡᠨ ᠳᠦ ᠮᠡᠳᠡᠭᠦᠯᠦᠭᠰᠡᠨ ᠪᠥᠭᠡᠳ ᠴᠠᠭᠠᠰᠢᠳᠠ ᠪᠠᠰᠠ ᠮᠡᠳᠡᠭᠦᠯᠦᠨ᠎ᠡ᠃ ᠢᠩᠭᠢᠭᠰᠡᠨ ᠢᠶᠡᠷ ᠲᠠᠨ ᠤ ᠨᠠᠮᠠᠶᠢ ᠬᠠᠢᠷᠠᠯᠠᠳᠠᠭ ᠲᠡᠷᠡ ᠬᠠᠢᠷ᠎ᠠ ᠲᠡᠳᠡᠨ ᠦ ᠳᠣᠲᠣᠷ᠎ᠠ ᠪᠠᠢᠵᠤ᠂ ᠪᠢ ᠴᠤ ᠲᠡᠳᠡᠨ ᠦ ᠳᠣᠲᠣᠷ᠎ᠠ ᠪᠠᠢᠬᠤ ᠪᠣᠯᠣᠨ᠎ᠠ》 ᠭᠡᠪᠡ᠃