1 2 3 4 5 6 7 8 9 10 11 12 13 14 15 16 17 18 19 20 21


ᠶᠣᠬᠠᠨ ᠠᠷᠪᠠᠨ ᠵᠢᠷᠭᠤᠭ᠎ᠠ
 ᠢᠰᠦ᠋ᠰ ᠤᠨ ᠠᠩ᠋ᠬᠠᠷᠤᠭᠤᠯᠭ᠎ᠠ

1 ᠲᠠ ᠨᠠᠷ ᠢ ᠪᠦᠦ ᠪᠦᠳᠦᠷᠢᠭᠡᠰᠡᠢ ᠭᠡᠰᠡᠨ ᠳᠡᠭᠡᠨ ᠪᠢ ᠡᠳᠡᠭᠡᠷ ᠢ ᠬᠡᠯᠡᠯ᠎ᠡ᠃ 2 ᠲᠡᠳᠡ ᠲᠠ ᠨᠠᠷ ᠢ ᠬᠤᠷᠠᠯ ᠤᠨ ᠲᠠᠩᠬᠢᠮ ᠠᠴᠠ ᠬᠥᠭᠡᠭᠡᠨ᠎ᠡ᠂ ᠦᠨᠡᠨ ᠳᠡᠭᠡᠨ ᠲᠠ ᠨᠠᠷ ᠢ ᠠᠯᠠᠬᠤ ᠬᠥᠮᠦᠨ ᠪᠦᠷ ᠥᠪᠡᠷ ᠢ ᠪᠠᠨ ᠪᠤᠷᠬᠠᠨ ᠳᠤ ᠦᠢᠯᠡᠴᠢᠯᠡᠵᠦ ᠪᠠᠢᠨ᠎ᠠ ᠭᠡᠵᠦ ᠪᠣᠳᠣᠬᠤ ᠴᠠᠭ ᠢᠷᠡᠵᠦ ᠪᠠᠢᠨ᠎ᠠ᠃ 3 ᠲᠡᠳᠡ ᠡᠴᠢᠭᠡ ᠶᠢ ᠴᠤ᠂ ᠨᠠᠮᠠᠶᠢ ᠴᠤ ᠲᠠᠨᠢᠬᠤ ᠦᠭᠡᠢ ᠤᠴᠢᠷ ᠠᠴᠠ ᠲᠡᠭᠡᠬᠦ ᠪᠣᠯᠣᠨ᠎ᠠ᠃ 4 ᠲᠡᠷᠡ ᠴᠠᠭ ᠢᠷᠡᠬᠦ ᠳᠦ᠂ ᠬᠡᠯᠡᠵᠦ ᠪᠠᠢᠭᠰᠠᠨ ᠢ ᠮᠢᠨᠢ ᠲᠠ ᠨᠠᠷ ᠰᠠᠨᠠᠭᠠᠰᠠᠢ ᠭᠡᠵᠦ ᠪᠢ ᠡᠳᠡᠭᠡᠷ ᠢ ᠬᠡᠯᠡᠯ᠎ᠡ᠃
 ᠠᠷᠢᠭᠤᠨ ᠰᠦᠨᠡᠰᠦ ᠶᠢ ᠠᠮᠠᠯᠠᠭᠰᠠᠨ ᠨᠢ

5 ᠨᠠᠮᠠᠶᠢ ᠢᠯᠡᠭᠡᠭᠴᠢ ᠤᠷᠤᠭᠤ ᠣᠳᠣ ᠪᠢ ᠶᠠᠪᠤᠬᠤ ᠪᠣᠯᠪᠠᠴᠤ ᠲᠠ ᠨᠠᠷ ᠤᠨ ᠨᠢᠭᠡ ᠨᠢ ᠴᠤ ᠨᠠᠳᠠ ᠠᠴᠠ᠄ 〈ᠬᠠᠮᠢᠭ᠎ᠠ ᠶᠠᠪᠤᠬᠤ ᠪᠤᠢ︖〉 ᠭᠡᠵᠦ ᠠᠰᠠᠭᠤᠬᠤ ᠦᠭᠡᠢ᠂ 6 ᠬᠠᠷᠢᠨ ᠡᠳᠡᠭᠡᠷ ᠢ ᠬᠡᠯᠡᠭᠰᠡᠨ ᠡᠴᠡ ᠮᠢᠨᠢ ᠪᠣᠯᠵᠤ ᠲᠠ ᠨᠠᠷ ᠤᠢ ᠭᠠᠰᠢᠭᠤ ᠳᠤ ᠠᠪᠲᠠᠵᠤ ᠪᠠᠢᠨ᠎ᠠ᠃ 7 ᠪᠢ ᠲᠠ ᠨᠠᠷ ᠲᠤ ᠦᠨᠡᠨ ᠢ ᠬᠡᠯᠡᠶ᠎ᠡ᠃ ᠮᠢᠨᠦ ᠶᠠᠪᠤᠬᠤ ᠨᠢ ᠲᠠ ᠨᠠᠷ ᠲᠤ ᠲᠤᠰᠠᠲᠠᠢ᠃ ᠪᠢ ᠶᠠᠪᠤᠬᠤ ᠦᠭᠡᠢ ᠪᠣᠯ ᠨᠥᠭᠥᠭᠡ ᠲᠤᠰᠠᠯᠠᠭᠴᠢ ᠲᠠ ᠨᠠᠷ ᠤᠷᠤᠭᠤ ᠢᠷᠡᠬᠦ ᠦᠭᠡᠢ᠂ ᠬᠠᠷᠢᠨ ᠪᠢ ᠶᠠᠪᠤᠪᠠᠯ ᠲᠡᠭᠦᠨ ᠢ ᠲᠠ ᠨᠠᠷ ᠤᠷᠤᠭᠤ ᠢᠯᠡᠭᠡᠨ᠎ᠡ᠃ 8 ᠲᠡᠷᠡ ᠢᠷᠡᠪᠡᠯ ᠶᠢᠷᠲᠢᠨᠴᠦ ᠶᠢ ᠨᠢᠭᠦᠯ᠂ ᠵᠥᠪ᠂ ᠰᠢᠭᠦᠯᠲᠡ ᠶᠢᠨ ᠲᠠᠯ᠎ᠠ ᠪᠠᠷ ᠵᠢᠮᠡᠯᠡᠨ᠎ᠡ᠃ 9 ᠨᠢᠭᠦᠯ ᠭᠡᠰᠡᠨ ᠨᠢ ᠲᠡᠳᠡ ᠨᠠᠮᠠᠶᠢ ᠢᠲᠡᠭᠡᠳᠡᠭ ᠦᠭᠡᠢ ᠶᠢ᠂ 10 ᠵᠥᠪ ᠭᠡᠰᠡᠨ ᠨᠢ ᠪᠢ ᠡᠴᠢᠭᠡ ᠤᠷᠤᠭᠤ ᠪᠠᠨ ᠶᠠᠪᠤᠬᠤ ᠪᠥᠭᠡᠳ ᠲᠠ ᠨᠠᠷ ᠳᠠᠬᠢᠵᠤ ᠨᠠᠮᠠᠶᠢ ᠣᠯᠵᠤ ᠬᠠᠷᠠᠬᠤ ᠦᠭᠡᠢ ᠶᠢ᠂ 11 ᠰᠢᠭᠦᠯᠲᠡ ᠭᠡᠰᠡᠨ ᠨᠢ ᠡᠨᠡ ᠶᠢᠷᠲᠢᠨᠴᠦ ᠶᠢᠨ ᠵᠠᠬᠢᠷᠤᠭᠴᠢ 21 ᠰᠢᠭᠦᠭᠳᠡᠭᠰᠡᠨ ᠢ ᠬᠡᠯᠡᠵᠦ ᠪᠠᠢᠭ᠎ᠠ ᠶᠤᠮ᠃

12 ᠲᠠ ᠨᠠᠷ ᠲᠤ ᠬᠡᠯᠡᠬᠦ ᠦᠭᠡ ᠨᠠᠳᠠ ᠳᠤ ᠣᠯᠠᠨ ᠪᠠᠢᠪᠠᠴᠤ ᠣᠳᠣ ᠲᠠ ᠨᠠᠷ ᠲᠡᠳᠡᠭᠡᠷ ᠢ ᠳᠠᠭᠠᠭᠠᠬᠤ ᠦᠭᠡᠢ᠃ 13 ᠬᠠᠷᠢᠨ ᠦᠨᠡᠨ ᠦ ᠰᠦᠨᠡᠰᠦ ᠲᠡᠷᠡ ᠢᠷᠡᠬᠦ ᠳᠡᠭᠡᠨ ᠬᠠᠮᠤᠭ ᠦᠨᠡᠨ ᠤᠷᠤᠭᠤ ᠲᠠ ᠨᠠᠷ ᠢ ᠵᠠᠮᠴᠢᠯᠠᠨ᠎ᠠ᠃ ᠤᠴᠢᠷ ᠨᠢ᠂ ᠲᠡᠷᠡ ᠲᠠᠪᠠ ᠪᠠᠷ ᠢᠶᠠᠨ ᠪᠢᠰᠢ᠂ ᠰᠣᠨᠣᠰᠣᠭᠰᠠᠨ ᠢᠶᠠᠷ ᠢᠶᠠᠨ ᠯᠠ ᠶᠠᠷᠢᠨ᠎ᠠ᠃ ᠪᠣᠯᠬᠤ ᠶᠠᠪᠤᠳᠠᠯ ᠤᠳ ᠢ ᠴᠤ ᠲᠠ ᠨᠠᠷ ᠲᠤ ᠬᠡᠯᠡᠨ᠎ᠡ᠃ 14 ᠶᠠᠭᠠᠬᠢᠭᠠᠳ ᠭᠡᠪᠡᠯ᠂ ᠲᠡᠷᠡ ᠮᠢᠨᠦᠬᠢ ᠶᠢ ᠠᠪᠴᠤ᠂ ᠲᠠ ᠨᠠᠷ ᠲᠤ ᠮᠡᠳᠡᠭᠦᠯᠬᠦ ᠪᠡᠷ ᠢᠶᠠᠨ ᠨᠠᠮᠠᠶᠢ ᠠᠯᠳᠠᠷᠰᠢᠭᠤᠯᠤᠨ᠎ᠠ᠃ 15 ᠡᠴᠢᠭᠡ ᠳᠦ ᠪᠠᠢᠭ᠎ᠠ ᠪᠦᠬᠦᠨ ᠨᠢ ᠮᠢᠨᠦᠬᠢ ᠶᠤᠮ᠃ ᠲᠡᠢᠮᠦ ᠡᠴᠡ 〈ᠠᠷᠢᠭᠤᠨ ᠰᠦᠨᠡᠰᠦ ᠮᠢᠨᠦᠬᠢ ᠶᠢ ᠠᠪᠴᠤ᠂ ᠲᠠ ᠨᠠᠷ ᠲᠤ ᠮᠡᠳᠡᠭᠦᠯᠦᠨ᠎ᠡ〉 ᠭᠡᠵᠦ ᠪᠢ ᠬᠡᠯᠡᠭᠰᠡᠨ᠃
 ᠰᠠᠯᠤᠯᠲᠠ ᠪᠠ ᠳᠠᠬᠢᠨ ᠠᠭᠤᠯᠵᠠᠯᠲᠠ

16 ᠲᠠ ᠨᠠᠷ ᠤᠳᠠᠯ ᠦᠭᠡᠢ ᠨᠠᠮᠠᠶᠢ ᠣᠯᠵᠤ ᠬᠠᠷᠠᠬᠤ ᠦᠭᠡᠢ ᠪᠣᠯᠣᠨ᠎ᠠ᠂ ᠡᠭᠦᠨ ᠦ ᠳᠠᠷᠠᠭ᠎ᠠ ᠤᠳᠠᠯ ᠦᠭᠡᠢ ᠳᠠᠬᠢᠨ ᠣᠯᠵᠤ ᠬᠠᠷᠠᠨ᠎ᠠ》 ᠭᠡᠪᠡ᠃ 17 ᠱᠠᠪᠢ ᠨᠠᠷ ᠤᠨ ᠬᠢᠨᠢ ᠵᠠᠷᠢᠮ ᠨᠢ ᠬᠣᠭᠣᠷᠣᠨᠳᠣ ᠪᠠᠨ᠄ 《〈ᠤᠳᠠᠯ ᠦᠭᠡᠢ ᠨᠠᠮᠠᠶᠢ ᠣᠯᠵᠤ ᠬᠠᠷᠠᠬᠤ ᠦᠭᠡᠢ ᠪᠣᠯᠣᠨ᠎ᠠ᠂ ᠡᠭᠦᠨ ᠦ ᠳᠠᠷᠠᠭ᠎ᠠ ᠤᠳᠠᠯ ᠦᠭᠡᠢ ᠳᠠᠬᠢᠨ ᠣᠯᠵᠤ ᠬᠠᠷᠠᠨ᠎ᠠ〉 ᠬᠡᠮᠡᠲᠡᠯ᠎ᠡ᠂ 〈ᠤᠴᠢᠷ ᠨᠢ ᠪᠢ ᠡᠴᠢᠭᠡ ᠳᠡᠭᠡᠨ ᠶᠠᠪᠤᠨ᠎ᠠ〉 ᠭᠡᠳᠡᠭ ᠨᠢ ᠶᠠᠭᠤ ᠭᠡᠰᠡᠨ ᠦᠭᠡ ᠪᠤᠢ︖》 ᠭᠡᠯᠴᠡᠨ᠎ᠡ᠃ 18 ᠲᠡᠳᠡ᠄ 《〈ᠤᠳᠠᠯ ᠦᠭᠡᠢ〉 ᠭᠡᠳᠡᠭ ᠨᠢ ᠶᠠᠭᠤ ᠪᠣᠯ︖ ᠶᠠᠭᠤ ᠶᠠᠷᠢᠵᠤ ᠪᠠᠢᠭ᠎ᠠ ᠶᠢ ᠨᠢ ᠪᠢᠳᠡ ᠣᠢᠯᠠᠭᠠᠬᠤ ᠦᠭᠡᠢ ᠪᠠᠢᠨ᠎ᠠ》 ᠭᠡᠯ᠎ᠡ᠃ 19 ᠢᠰᠦ᠋ᠰ ᠲᠡᠳᠡᠨ ᠦ ᠠᠰᠠᠭᠤᠬᠤ ᠭᠡᠰᠡᠨ ᠢ ᠮᠡᠳᠡᠵᠦ᠄ 《〈ᠤᠳᠠᠯ ᠦᠭᠡᠢ ᠲᠠ ᠨᠠᠷ ᠨᠠᠮᠠᠶᠢ ᠣᠯᠵᠤ ᠬᠠᠷᠠᠬᠤ ᠦᠭᠡᠢ ᠪᠣᠯᠣᠨ᠎ᠠ᠂ ᠡᠭᠦᠨ ᠦ ᠳᠠᠷᠠᠭ᠎ᠠ ᠤᠳᠠᠯ ᠦᠭᠡᠢ ᠳᠠᠬᠢᠨ ᠣᠯᠵᠤ ᠬᠠᠷᠠᠨ᠎ᠠ〉 ᠭᠡᠵᠦ ᠮᠢᠨᠦ ᠬᠡᠯᠡᠭᠰᠡᠨ ᠲᠤᠬᠠᠢ ᠲᠠ ᠨᠠᠷ ᠪᠡᠶ᠎ᠡ ᠪᠡᠶ᠎ᠡ ᠡᠴᠡ ᠪᠡᠨ ᠠᠰᠠᠭᠤᠵᠠᠭᠠᠵᠤ ᠪᠠᠢᠨ᠎ᠠ ᠤᠤ︖ 20 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠲᠠ ᠨᠠᠷ ᠤᠬᠢᠯᠠᠨ᠎ᠠ᠂ ᠭᠠᠰᠢᠭᠤᠳᠠᠨ᠎ᠠ᠂ ᠬᠠᠷᠢᠨ ᠶᠢᠷᠲᠢᠨᠴᠦ ᠪᠠᠶᠠᠷᠯᠠᠬᠤ ᠪᠣᠯᠣᠨ᠎ᠠ᠃ ᠲᠠ ᠨᠠᠷ ᠵᠣᠪᠠᠨᠢᠬᠤ ᠪᠣᠯᠪᠠᠴᠤ ᠵᠣᠪᠠᠨᠢᠯ ᠴᠢᠨᠢ ᠪᠠᠶᠠᠰᠤᠯ ᠢᠶᠠᠷ ᠰᠣᠯᠢᠭᠳᠠᠨ᠎ᠠ᠃ 21 ᠡᠮᠡᠭᠲᠡᠢ ᠬᠥᠮᠦᠨ ᠬᠥᠩᠭᠡᠵᠢᠬᠦ ᠳᠡᠭᠡᠨ ᠵᠣᠪᠠᠳᠠᠭ᠂ ᠴᠠᠭ ᠨᠢ ᠢᠷᠡᠭᠰᠡᠨ ᠤᠴᠢᠷ ᠠᠴᠠ ᠲᠡᠭᠡᠳᠡᠭ ᠪᠣᠯᠪᠠᠴᠤ ᠬᠡᠦᠬᠡᠳ ᠨᠢ ᠲᠥᠷᠥᠪᠡᠯ ᠶᠢᠷᠲᠢᠨᠴᠦ ᠳᠦ ᠨᠢᠭᠡᠨ ᠬᠥᠮᠦᠨ ᠲᠥᠷᠥᠭᠰᠡᠨ ᠢᠶᠡᠷ ᠪᠠᠶᠠᠷᠯᠠᠭᠠᠳ ᠵᠣᠪᠠᠯᠠᠩ ᠢᠶᠠᠨ ᠮᠠᠷᠲᠠᠴᠢᠬᠠᠳᠠᠭ ᠶᠤᠮ᠃ 22 ᠡᠨᠡ ᠮᠡᠲᠦ ᠪᠡᠷ ᠣᠳᠣ ᠲᠠ ᠨᠠᠷ ᠵᠣᠪᠠᠨᠢᠵᠤ ᠪᠠᠢᠨ᠎ᠠ᠂ ᠭᠡᠲᠡᠯ᠎ᠡ ᠲᠠ ᠨᠠᠷ ᠨᠠᠳᠠ ᠲᠠᠢ ᠳᠠᠬᠢᠨ ᠠᠭᠤᠯᠵᠠᠵᠤ ᠪᠠᠶᠠᠷᠯᠠᠬᠤ ᠪᠣᠯᠣᠨ᠎ᠠ᠃ ᠡᠨᠡ ᠪᠠᠶᠠᠰᠤᠯ ᠢ ᠴᠢᠨᠢ ᠬᠡᠨ ᠴᠤ ᠪᠤᠯᠢᠶᠠᠵᠤ ᠴᠢᠳᠠᠬᠤ ᠦᠭᠡᠢ᠃
 ᠳᠠᠭᠠᠳᠬᠠᠯ ᠤᠨ ᠬᠠᠷᠢᠭᠤ ᠶᠢ ᠠᠮᠠᠯᠠᠭᠰᠠᠨ ᠨᠢ

23 ᠲᠡᠷᠡ ᠡᠳᠦᠷ ᠪᠣᠯᠬᠤ ᠳᠤ᠂ ᠲᠠ ᠨᠠᠷ ᠨᠠᠳᠠ ᠠᠴᠠ ᠶᠠᠭᠤ ᠴᠤ ᠠᠰᠠᠭᠤᠬᠤ ᠦᠭᠡᠢ᠃ ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠂ ᠲᠠ ᠨᠠᠷ ᠡᠴᠢᠭᠡ ᠡᠴᠡ ᠮᠢᠨᠢ ᠶᠠᠭᠤ ᠭᠤᠶᠤᠭᠰᠠᠨ ᠴᠤ ᠲᠡᠷᠡ ᠮᠢᠨᠦ ᠨᠡᠷ᠎ᠡ ᠪᠡᠷ ᠲᠠ ᠨᠠᠷ ᠲᠤ ᠥᠭᠭᠥᠨ᠎ᠡ᠃ 24 ᠣᠳᠣ ᠪᠣᠯᠲᠠᠯ᠎ᠠ ᠲᠠ ᠨᠠᠷ ᠮᠢᠨᠦ ᠨᠡᠷ᠎ᠡ ᠪᠡᠷ ᠶᠠᠭᠤ ᠴᠤ ᠭᠤᠶᠤᠭ᠎ᠠ ᠦᠭᠡᠢ᠂ ᠭᠤᠶᠤᠭᠲᠤᠨ᠂ ᠲᠡᠭᠡᠪᠡᠯ ᠣᠯᠣᠨ᠎ᠠ᠃ ᠲᠠ ᠨᠠᠷ ᠤᠨ ᠪᠠᠶᠠᠰᠤᠯ ᠲᠡᠭᠦᠯᠳᠡᠷ ᠪᠣᠯᠣᠨ᠎ᠠ᠃

25 ᠡᠳᠡᠭᠡᠷ ᠢ ᠪᠢ ᠲᠠ ᠨᠠᠷ ᠲᠤ ᠦᠯᠢᠭᠡᠷᠯᠡᠯ ᠢᠶᠡᠷ ᠶᠠᠷᠢᠯ᠎ᠠ᠃ ᠭᠡᠪᠡᠴᠦ ᠦᠯᠢᠭᠡᠷᠯᠡᠯ ᠢᠶᠡᠷ ᠶᠠᠷᠢᠬᠤ ᠪᠠᠨ ᠪᠣᠯᠢᠵᠤ ᠡᠴᠢᠭᠡ ᠶᠢᠨ ᠢᠶᠠᠨ ᠲᠤᠬᠠᠢ ᠰᠢᠭᠤᠳ ᠬᠡᠯᠡᠬᠦ ᠴᠠᠭ ᠢᠷᠡᠵᠦ ᠪᠠᠢᠨ᠎ᠠ᠃ 26 ᠲᠡᠷᠡ ᠡᠳᠦᠷ ᠪᠣᠯᠬᠤ ᠳᠤ᠂ ᠲᠠ ᠨᠠᠷ ᠮᠢᠨᠦ ᠨᠡᠷ᠎ᠡ ᠪᠡᠷ ᠭᠤᠶᠤᠬᠤ ᠶᠤᠮ᠃ ᠡᠨᠡ ᠨᠢ ᠪᠢ ᠲᠠ ᠨᠠᠷ ᠤᠨ ᠡᠮᠦᠨ᠎ᠡ ᠡᠴᠡ ᠡᠴᠢᠭᠡ ᠡᠴᠡ ᠪᠡᠨ ᠭᠤᠶᠤᠨ᠎ᠠ ᠭᠡᠰᠡᠨ ᠦᠭᠡ ᠪᠢᠰᠢ᠃ 27 ᠤᠴᠢᠷ ᠨᠢ ᠡᠴᠢᠭᠡ ᠥᠪᠡᠷ ᠢᠶᠡᠨ ᠲᠠ ᠨᠠᠷ ᠢ ᠬᠠᠢᠷᠠᠯᠠᠳᠠᠭ ᠶᠤᠮ᠃ ᠲᠠ ᠨᠠᠷ ᠨᠠᠮᠠᠶᠢ ᠬᠠᠢᠷᠠᠯᠠᠭᠰᠠᠨ ᠪᠥᠭᠡᠳ ᠪᠤᠷᠬᠠᠨ ᠠᠴᠠ ᠢᠷᠡᠭᠰᠡᠨ ᠭᠡᠳᠡᠭ ᠢ ᠮᠠᠨᠢ ᠢᠲᠡᠭᠡᠭᠰᠡᠨ᠃ 28 ᠪᠢ ᠡᠴᠢᠭᠡ ᠡᠴᠡ ᠶᠢᠷᠲᠢᠨᠴᠦ ᠳᠦ ᠢᠷᠡᠭᠰᠡᠨ᠂ ᠪᠢ ᠣᠳᠣ ᠶᠢᠷᠲᠢᠨᠴᠦ ᠶᠢ ᠣᠷᠬᠢᠵᠤ ᠡᠴᠢᠭᠡ ᠤᠷᠤᠭᠤ ᠪᠠᠨ ᠶᠠᠪᠤᠨ᠎ᠠ》 ᠭᠡᠵᠦ ᠬᠡᠯᠡᠪᠡ᠃

29 ᠲᠡᠭᠦᠨ ᠦ ᠱᠠᠪᠢ ᠨᠠᠷ᠄ 《ᠣᠳᠣ ᠲᠠ ᠦᠯᠢᠭᠡᠷᠯᠡᠯ ᠬᠡᠷᠡᠭᠯᠡᠬᠦ ᠦᠭᠡᠢ ᠰᠢᠭᠤᠳ ᠶᠠᠷᠢᠵᠤ ᠪᠠᠢᠨ᠎ᠠ᠃ 30 ᠣᠳᠣ ᠪᠢᠳᠡ ᠣᠢᠯᠠᠭᠠᠯ᠎ᠠ᠂ ᠬᠡᠨ ᠨᠢᠭᠡᠨ ᠨᠢ ᠲᠠᠨ ᠠᠴᠠ ᠠᠰᠠᠭᠤᠬᠤ ᠠᠴᠠ ᠡᠮᠦᠨ᠎ᠡ ᠲᠠ ᠬᠠᠮᠤᠭ ᠢ ᠮᠡᠳᠡᠵᠦ ᠪᠠᠢᠳᠠᠭ᠃ ᠪᠢᠳᠡ ᠡᠭᠦᠨ ᠢᠶᠡᠷ ᠲᠠᠨ ᠢ ᠪᠤᠷᠬᠠᠨ ᠠᠴᠠ ᠢᠷᠡᠭᠰᠡᠨ ᠭᠡᠳᠡᠭ ᠢ ᠢᠲᠡᠭᠡᠵᠦ ᠪᠠᠢᠨ᠎ᠠ》 ᠭᠡᠰᠡᠨ ᠳᠦ᠂ 31 ᠢᠰᠦ᠋ᠰ᠄ 《ᠲᠠ ᠨᠠᠷ ᠣᠳᠣ ᠯᠠ ᠢᠲᠡᠭᠡᠵᠦ ᠪᠠᠢᠨ᠎ᠠ ᠤᠤ︖ 22 32 ᠠᠩ᠋ᠬᠠᠷᠤᠭᠲᠤᠨ︕ ᠲᠠ ᠨᠠᠷ ᠨᠠᠮᠠᠶᠢ ᠭᠠᠭᠴᠠᠭᠠᠷ ᠢ ᠣᠷᠬᠢᠭᠠᠳ᠂ ᠭᠡᠷ ᠭᠡᠷ ᠤᠷᠤᠭᠤ ᠪᠠᠨ ᠪᠤᠲᠠᠷᠠᠬᠤ ᠴᠠᠭ ᠢᠷᠡᠵᠦ ᠪᠠᠢᠨ᠎ᠠ᠂ ᠦᠨᠡᠨ ᠳᠡᠭᠡᠨ ᠢᠷᠡᠴᠢᠬᠡᠭᠡᠳ ᠪᠠᠢᠨ᠎ᠠ᠃ ᠬᠠᠷᠢᠨ ᠡᠴᠢᠭᠡ ᠨᠠᠳᠠ ᠲᠠᠢ ᠬᠠᠮᠲᠤ ᠪᠠᠢᠳᠠᠭ ᠤᠴᠢᠷ ᠠᠴᠠ ᠪᠢ ᠭᠠᠭᠴᠠᠭᠠᠷ ᠢᠶᠠᠨ ᠪᠢᠰᠢ ᠶᠤᠮ᠃ 33 ᠲᠠ ᠨᠠᠷ ᠢ ᠮᠢᠨᠦ ᠳᠣᠲᠣᠷ᠎ᠠ ᠠᠮᠤᠷ ᠲᠠᠢᠪᠤᠩ ᠪᠠᠶᠢᠭ ᠭᠡᠵᠦ ᠪᠢ ᠡᠳᠡᠭᠡᠷ ᠢ ᠬᠡᠯᠡᠯ᠎ᠡ᠃ ᠡᠨᠡ ᠶᠢᠷᠲᠢᠨᠴᠦ ᠳᠦ ᠲᠠ ᠨᠠᠷ ᠵᠣᠪᠠᠯᠠᠩ ᠲᠠᠢ ᠪᠣᠯᠣᠨ᠎ᠠ᠃ ᠭᠡᠪᠡᠴᠦ ᠵᠣᠷᠢᠭᠲᠠᠢ ᠪᠠᠢᠭᠲᠤᠨ᠂ ᠪᠢ ᠶᠢᠷᠲᠢᠨᠴᠦ ᠶᠢ ᠢᠯᠠᠭᠰᠠᠨ》 ᠭᠡᠪᠡ᠃