ᠶᠣᠬᠠᠨ ᠬᠣᠷᠢ
ᠪᠤᠯᠠᠰᠢ ᠬᠣᠭᠣᠰᠣᠷᠠᠭᠰᠠᠨ ᠨᠢ
1 ᠠᠮᠠᠷᠠᠯ ᠤᠨ ᠳᠠᠷᠠᠭᠠᠬᠢ ᠡᠳᠦᠷ ᠦᠨ ᠦᠷ ᠦᠨ ᠬᠠᠷᠠᠩ᠋ᠭᠤᠢ ᠪᠠᠷ᠂ ᠮᠠᠭᠳᠠᠯ ᠤᠨ ᠮᠠᠷᠢᠶ᠎ᠠ ᠪᠤᠯᠠᠰᠢ ᠤᠷᠤᠭᠤ ᠣᠴᠢᠵᠤ᠂ ᠪᠤᠯᠠᠰᠢᠨ ᠤ ᠠᠮᠠᠨ ᠠᠴᠠ ᠬᠠᠳᠠ ᠵᠠᠢᠯᠠᠭᠤᠯᠤᠭᠳᠠᠭᠰᠠᠨ ᠪᠠᠢᠬᠤ ᠶᠢ ᠬᠠᠷᠠᠪᠠ᠃ 2 ᠲᠡᠷᠡ ᠰᠢᠮᠣᠨ ᠫᠧᠲ᠋ᠧᠷ ᠪᠣᠯᠣᠨ ᠢᠰᠦ᠋ᠰ ᠤᠨ ᠬᠠᠢᠷᠠᠲᠠᠢ ᠱᠠᠪᠢ ᠳᠤ ᠭᠦᠶᠦᠵᠦ ᠬᠦᠷᠦᠭᠡᠳ᠄ 《ᠬᠥᠮᠦᠰ ᠡᠵᠡᠨ ᠢ ᠪᠤᠯᠠᠰᠢᠨ ᠠᠴᠠ ᠠᠪᠴᠤ ᠶᠠᠪᠤᠭᠰᠠᠨ ᠪᠠᠢᠨ᠎ᠠ᠃ ᠬᠠᠮᠢᠭ᠎ᠠ ᠲᠠᠯᠪᠢᠭᠰᠠᠨ ᠢ ᠨᠢ ᠪᠢᠳᠡ ᠮᠡᠳᠡᠬᠦ ᠦᠭᠡᠢ》 ᠭᠡᠵᠦ ᠬᠡᠯᠡᠬᠦ ᠳᠦ᠂ 3 ᠫᠧᠲ᠋ᠧᠷ ᠨᠥᠭᠥᠭᠡ ᠱᠠᠪᠢ ᠶᠢᠨ ᠬᠠᠮᠲᠤ ᠭᠠᠷᠴᠤ᠂ ᠪᠤᠯᠠᠰᠢ ᠤᠷᠤᠭᠤ ᠶᠠᠪᠤᠪᠠ᠃ 4 ᠲᠡᠳᠡ ᠬᠣᠶᠠᠭᠤᠯᠠ ᠬᠠᠮᠲᠤ ᠭᠦᠶᠦᠵᠦ ᠪᠠᠢᠪᠠ᠃ ᠨᠥᠭᠥᠭᠡᠳᠡᠬᠢ ᠨᠢ ᠫᠧᠲ᠋ᠧᠷ ᠡᠴᠡ ᠬᠤᠷᠳᠤᠨ ᠭᠦᠶᠦᠵᠦ᠂ ᠪᠤᠯᠠᠰᠢᠨ ᠳᠤ ᠲᠡᠷᠢᠭᠦᠯᠡᠨ ᠬᠦᠷᠴᠦ 5 ᠱᠠᠭᠠᠢᠭᠠᠳ ᠨᠠᠷᠢᠨ ᠥᠷᠮᠥᠭ ᠯᠠ ᠪᠠᠢᠬᠤ ᠶᠢ ᠦᠵᠡᠭᠡᠳ ᠳᠣᠲᠣᠭᠰᠢ ᠣᠷᠣᠭᠰᠠᠨ ᠦᠭᠡᠢ᠃ 6 ᠰᠢᠮᠣᠨ ᠫᠧᠲ᠋ᠧᠷ ᠠᠷᠤ ᠠᠴᠠ ᠨᠢ ᠳᠠᠭᠠᠯᠳᠤᠨ ᠬᠦᠷᠴᠦ ᠢᠷᠡᠭᠡᠳ ᠪᠤᠯᠠᠰᠢᠨ ᠳᠤ ᠣᠷᠣᠵᠤ ᠦᠵᠡᠬᠦ ᠳᠦ᠂ ᠨᠠᠷᠢᠨ ᠣᠯᠣᠰᠣᠨ ᠪᠥᠰ ᠲᠡᠨᠳᠡ ᠲᠠᠯᠪᠢᠭᠠᠰᠤᠲᠠᠢ᠂ 7 ᠢᠰᠦ᠋ᠰ ᠤᠨ ᠲᠣᠯᠣᠭᠠᠢ ᠶᠢ ᠤᠷᠢᠶᠠᠭᠰᠠᠨ ᠠᠯᠴᠢᠭᠤᠷ ᠲᠡᠷᠡ ᠬᠦ ᠨᠠᠷᠢᠨ ᠣᠯᠣᠰᠣᠨ ᠪᠥᠰ ᠲᠡᠢ ᠬᠠᠮᠲᠤ ᠪᠢᠰᠢ᠂ ᠬᠠᠷᠢᠨ ᠥᠭᠡᠷ᠎ᠡ ᠨᠢᠭᠡ ᠭᠠᠵᠠᠷ ᠲᠤ ᠤᠷᠢᠶᠠᠭᠳᠠᠵᠤ ᠪᠠᠢᠭᠰᠠᠨ ᠬᠡᠪ ᠢᠶᠡᠷ ᠪᠠᠢᠵᠠᠢ᠃ 8 ᠲᠡᠷᠢᠭᠦᠯᠡᠨ ᠢᠷᠡᠭᠰᠡᠨ ᠨᠥᠭᠥᠭᠡ ᠱᠠᠪᠢ ᠴᠤ ᠪᠤᠯᠠᠰᠢᠨ ᠳᠤ ᠣᠷᠣᠵᠤ ᠦᠵᠡᠭᠡᠳ ᠢᠲᠡᠭᠡᠪᠡ᠃ 9 (ᠢᠰᠦ᠋ᠰ ᠦᠬᠦᠭᠰᠡᠳ ᠦᠨ ᠳᠤᠮᠳᠠ ᠠᠴᠠ ᠠᠮᠢᠳᠤᠷᠠᠬᠤ ᠶᠣᠰᠣᠲᠠᠢ ᠭᠡᠰᠡᠨ ᠡᠰᠢᠯᠡᠯ ᠢ ᠲᠡᠳᠡ ᠬᠠᠷᠠᠬᠠᠨ ᠣᠢᠯᠠᠭᠠᠭ᠎ᠠ ᠦᠭᠡᠢ ᠪᠠᠢᠵᠠᠢ᠃) 10 ᠲᠡᠭᠡᠭᠡᠳ ᠱᠠᠪᠢ ᠨᠠᠷ ᠨᠢ ᠭᠡᠷ ᠭᠡᠷ ᠲᠡᠭᠡᠨ ᠬᠠᠷᠢᠪᠠ᠃
11 ᠬᠠᠷᠢᠨ ᠮᠠᠷᠢᠶ᠎ᠠ ᠪᠤᠯᠠᠰᠢᠨ ᠤ ᠭᠠᠳᠠᠨ᠎ᠠ ᠤᠬᠢᠯᠠᠨ ᠵᠣᠭᠰᠣᠵᠤ ᠪᠠᠢᠯ᠎ᠠ᠃ ᠲᠡᠷᠡ ᠤᠬᠢᠯᠠᠭᠰᠠᠨ ᠴᠢᠭ ᠢᠶᠠᠷ ᠢᠶᠠᠨ ᠪᠤᠯᠠᠰᠢ ᠤᠷᠤᠭᠤ ᠱᠠᠭᠠᠢᠨ ᠦᠵᠡᠬᠦ ᠳᠦ᠂ 12 ᠴᠠᠭᠠᠨ ᠬᠤᠪᠴᠠᠰᠤ ᠲᠠᠢ ᠬᠣᠶᠠᠷ ᠲᠩᠷᠢ ᠡᠯᠴᠢ ᠢᠰᠦ᠋ᠰ ᠤᠨ ᠴᠣᠭᠴᠠ ᠶᠢ ᠲᠠᠯᠪᠢᠭᠰᠠᠨ ᠭᠠᠵᠠᠷ ᠲᠤ᠂ ᠨᠢᠭᠡ ᠨᠢ ᠲᠣᠯᠣᠭᠠᠢ ᠲᠠᠯ᠎ᠠ ᠳᠤᠨᠢ᠂ ᠨᠥᠭᠥᠭᠡ ᠨᠢ ᠬᠥᠯ ᠲᠠᠯ᠎ᠠ ᠳᠤᠨᠢ ᠰᠠᠭᠤᠵᠤ ᠪᠠᠢᠪᠠ᠃ 13 ᠲᠩᠷᠢ ᠡᠯᠴᠢᠳ᠄ 《ᠪᠦᠰᠡᠭᠦᠢ ᠡ᠂ ᠶᠠᠭᠤᠨ ᠳᠤ ᠤᠬᠢᠯᠠᠵᠤ ᠪᠠᠢᠨ᠎ᠠ ᠪᠤᠢ︖》 ᠭᠡᠰᠡᠨ ᠳᠦ᠂ ᠲᠡᠷᠡ᠄ 《ᠲᠡᠳᠡ ᠡᠵᠡᠨ ᠢ ᠮᠢᠨᠢ ᠠᠪᠴᠤ ᠶᠠᠪᠤᠭᠠᠳ ᠬᠠᠮᠢᠭ᠎ᠠ ᠲᠠᠯᠪᠢᠭᠰᠠᠨ ᠢ ᠨᠢ ᠪᠢ ᠮᠡᠳᠡᠬᠦ ᠦᠭᠡᠢ ᠪᠠᠢᠨ᠎ᠠ》 ᠭᠡᠪᠡ᠃ 14 ᠡᠭᠦᠨ ᠢ ᠬᠡᠯᠡᠭᠰᠡᠨ ᠢᠶᠡᠨ ᠡᠷᠭᠢᠮᠡᠭᠴᠡ ᠢᠰᠦ᠋ᠰ ᠤᠨ ᠵᠣᠭᠰᠣᠵᠤ ᠪᠠᠢᠬᠤ ᠶᠢ ᠬᠠᠷᠠᠭᠰᠠᠨ ᠪᠣᠯᠪᠠᠴᠤ ᠢᠰᠦ᠋ᠰ ᠭᠡᠵᠦ ᠲᠠᠨᠢᠭᠰᠠᠨ ᠦᠭᠡᠢ᠃ 15 ᠢᠰᠦ᠋ᠰ ᠲᠡᠭᠦᠨ ᠳᠦ᠄ 《ᠪᠦᠰᠡᠭᠦᠢ ᠡ᠂ ᠶᠠᠭᠤᠨ ᠳᠤ ᠤᠬᠢᠯᠠᠵᠤ ᠪᠠᠢᠨ᠎ᠠ ᠪᠤᠢ︖ ᠬᠡᠨ ᠢ ᠬᠠᠢᠨ᠎ᠠ ᠪᠤᠢ︖》 ᠭᠡᠰᠡᠨ ᠳᠦ᠂ ᠲᠡᠭᠦᠨ ᠢ ᠴᠡᠴᠡᠷᠯᠢᠭᠴᠢ ᠪᠠᠢᠬᠤ ᠨᠢ ᠭᠡᠵᠦ ᠪᠣᠳᠣᠭᠰᠠᠨ ᠮᠠᠷᠢᠶ᠎ᠠ᠄ 《ᠠᠪᠤᠭᠠᠢ ᠡ᠂ ᠲᠠ ᠬᠡᠷᠪᠡ ᠲᠡᠭᠦᠨ ᠢ ᠰᠢᠯᠵᠢᠭᠦᠯᠦᠭᠰᠡᠨ ᠪᠣᠯ᠂ ᠬᠠᠮᠢᠭ᠎ᠠ ᠲᠠᠯᠪᠢᠭᠰᠠᠨ ᠢᠶᠠᠨ ᠨᠠᠳᠠ ᠳᠤ ᠬᠡᠯᠡᠨ᠎ᠡ ᠤᠤ︖ ᠪᠢ ᠲᠡᠭᠦᠨ ᠢ ᠠᠪᠠᠴᠢᠬᠤ ᠭᠡᠰᠡᠨ ᠶᠤᠮ》 ᠭᠡᠪᠡ᠃ 16 ᠢᠰᠦ᠋ᠰ᠄ 《ᠮᠠᠷᠢᠶ᠎ᠠ ᠡ︕》 ᠭᠡᠬᠦ ᠳᠦ᠂ ᠮᠠᠷᠢᠶ᠎ᠠ ᠪᠡᠶ᠎ᠡ ᠡᠷᠭᠢᠨ ᠲᠡᠭᠦᠨ ᠳᠦ ᠢᠪᠷᠠᠢ ᠪᠠᠷ᠄ 《ᠷᠠᠪᠣᠨᠢ (ᠪᠠᠭᠰᠢ ᠭᠡᠰᠡᠨ ᠤᠳᠬ᠎ᠠ ᠲᠠᠢ)︕》 ᠭᠡᠵᠡᠢ᠃ 17 ᠢᠰᠦ᠋ᠰ᠄ 《ᠨᠠᠳᠠ ᠳᠤ ᠪᠦᠦ ᠭᠠᠷ ᠬᠦᠷ︕ ᠪᠢ ᠳᠡᠭᠡᠭᠰᠢ ᠡᠴᠢᠭᠡ ᠳᠡᠭᠡᠨ ᠬᠠᠷᠠᠬᠠᠨ ᠣᠴᠢᠭ᠎ᠠ ᠦᠭᠡᠢ ᠪᠠᠢᠨ᠎ᠠ᠃ ᠴᠢ ᠬᠠᠷᠢᠨ ᠮᠢᠨᠦ ᠠᠬ᠎ᠠ ᠳᠡᠭᠦᠦ ᠨᠠᠷ ᠤᠷᠤᠭᠤ ᠣᠴᠢᠵᠤ᠄ 〈ᠪᠢ ᠮᠢᠨᠦ ᠡᠴᠢᠭᠡ ᠪᠥᠭᠡᠳ ᠲᠠ ᠨᠠᠷ ᠤᠨ ᠡᠴᠢᠭᠡ ᠳᠦ᠂ ᠮᠢᠨᠦ ᠪᠤᠷᠬᠠᠨ ᠪᠥᠭᠡᠳ ᠲᠠ ᠨᠠᠷ ᠤᠨ ᠪᠤᠷᠬᠠᠨ ᠳᠤ ᠣᠴᠢᠨ᠎ᠠ〉 ᠭᠡᠰᠡᠨ ᠬᠡᠮᠡᠨ ᠲᠡᠳᠡᠨ ᠳᠦ ᠬᠡᠯᠡ》 ᠭᠡᠯᠡ᠃ 18 ᠮᠠᠭᠳᠠᠯ ᠤᠨ ᠮᠠᠷᠢᠶ᠎ᠠ ᠱᠠᠪᠢ ᠨᠠᠷ ᠲᠤ ᠬᠦᠷᠴᠦ᠄ 《ᠪᠢ ᠡᠵᠡᠨ ᠢ ᠬᠠᠷᠠᠯ᠎ᠠ》 ᠭᠡᠳ ᠥᠪᠡᠷ ᠲᠤᠨᠢ ᠢᠰᠦ᠋ᠰ ᠤᠨ ᠶᠠᠭᠤ ᠶᠠᠭᠤ ᠭᠡᠵᠦ ᠬᠡᠯᠡᠭᠰᠡᠨ ᠢ ᠳᠤᠭᠤᠯᠭᠠᠪᠠ᠃
ᠢᠰᠦ᠋ᠰ ᠱᠠᠪᠢ ᠨᠠᠷ ᠲᠠᠭᠠᠨ ᠦᠵᠡᠭᠳᠡᠭᠰᠡᠨ ᠨᠢ
19 ᠭᠠᠷᠠᠭ ᠤᠨ ᠡᠳᠦᠷ ᠦᠨ ᠦᠳᠡᠰᠢ ᠱᠠᠪᠢ ᠨᠠᠷ ᠨᠢ ᠶᠦᠳᠠᠢᠴᠤᠳ ᠠᠴᠠ ᠠᠶᠤᠭᠰᠠᠨ ᠳᠠᠭᠠᠨ ᠴᠤᠭᠯᠠᠷᠠᠭᠰᠠᠨ ᠭᠠᠵᠠᠷ ᠤᠨ ᠢᠶᠠᠨ ᠬᠠᠭᠠᠯᠭ᠎ᠠ ᠶᠢ ᠲᠦᠭᠵᠢᠭᠡᠳ ᠪᠠᠢᠬᠤ ᠳᠤ᠂ ᠢᠰᠦ᠋ᠰ ᠢᠷᠡᠪᠡ᠃ ᠲᠡᠷᠡ ᠲᠡᠳᠡᠨ ᠦ ᠳᠤᠮᠳᠠ ᠵᠣᠭᠰᠣᠵᠤ᠄ 《ᠠᠮᠤᠷ ᠠᠮᠤᠭᠤᠯᠠᠩ ᠪᠣᠯᠲᠤᠭᠠᠢ︕》 ᠭᠡᠳ 20 ᠲᠡᠳᠡᠨ ᠳᠦ ᠭᠠᠷ᠂ ᠰᠦᠪᠡᠭᠡ ᠪᠡᠨ ᠦᠵᠡᠭᠦᠯᠪᠡ᠃ ᠱᠠᠪᠢ ᠨᠠᠷ ᠨᠢ ᠡᠵᠡᠨ ᠢ ᠬᠠᠷᠠᠭᠠᠳ ᠪᠠᠶᠠᠷᠯᠠᠪᠠ᠃ 21 ᠢᠰᠦ᠋ᠰ ᠳᠠᠬᠢᠨ᠄ 《ᠠᠮᠤᠷ ᠠᠮᠤᠭᠤᠯᠠᠩ ᠪᠣᠯᠲᠤᠭᠠᠢ︕ ᠡᠴᠢᠭᠡ ᠨᠠᠮᠠᠶᠢ ᠢᠯᠡᠭᠡᠭᠰᠡᠨ ᠦ ᠠᠳᠠᠯᠢ ᠪᠢ ᠪᠠᠰᠠ ᠲᠠ ᠨᠠᠷ ᠢ ᠢᠯᠡᠭᠡᠵᠦ ᠪᠠᠢᠨ᠎ᠠ》 ᠬᠡᠮᠡᠨ᠂ 22 ᠲᠡᠳᠡᠨ ᠤᠷᠤᠭᠤ ᠦᠯᠢᠶᠡᠵᠦ᠄ 《ᠠᠷᠢᠭᠤᠨ ᠰᠦᠨᠡᠰᠦ ᠶᠢ ᠬᠦᠯᠢᠶᠡᠨ ᠠᠪᠤᠭᠲᠤᠨ᠂ 23 ᠲᠠ ᠨᠠᠷ ᠬᠡᠨ ᠦ ᠭᠡᠮ ᠨᠢᠭᠦᠯ ᠢ ᠠᠭᠤᠴᠢᠯᠠᠪᠠᠯ ᠲᠡᠳᠡ ᠠᠭᠤᠴᠢᠯᠠᠭᠳᠠᠨ᠎ᠠ᠂ ᠲᠠ ᠨᠠᠷ ᠬᠡᠨ ᠦ ᠭᠡᠮ ᠨᠢᠭᠦᠯ ᠢ ᠠᠭᠤᠴᠢᠯᠠᠬᠤ ᠦᠭᠡᠢ ᠪᠣᠯ᠂ ᠲᠡᠳᠡ ᠠᠭᠤᠴᠢᠯᠠᠭᠳᠠᠬᠤ ᠦᠭᠡᠢ ᠪᠣᠯᠣᠨ᠎ᠠ》 ᠭᠡᠪᠡ᠃
24 ᠢᠰᠦ᠋ᠰ ᠢᠷᠡᠬᠦ ᠳᠦ᠂ ᠠᠷᠪᠠᠨ ᠬᠣᠶᠠᠷ ᠱᠠᠪᠢ ᠶᠢᠨ ᠬᠢᠨᠢ ᠨᠢᠭᠡ ᠪᠣᠯᠬᠤ ᠢᠬᠡᠷ᠎ᠡ ᠭᠡᠭᠳᠡᠳᠡᠭ ᠲᠣᠮᠠ ᠲᠡᠳᠡᠨ ᠲᠡᠢ ᠬᠠᠮᠲᠤ ᠪᠠᠢᠭ᠎ᠠ ᠦᠭᠡᠢ ᠪᠠᠢᠵᠠᠢ᠃ 25 ᠪᠤᠰᠤᠳ ᠱᠠᠪᠢ ᠨᠠᠷ ᠨᠢ ᠲᠡᠭᠦᠨ ᠳᠦ᠄ 《ᠪᠢᠳᠡ ᠡᠵᠡᠨ ᠢ ᠬᠠᠷᠠᠭᠰᠠᠨ》 ᠭᠡᠵᠡᠭᠡᠵᠦ ᠪᠠᠢᠬᠤ ᠳᠤ᠂ ᠲᠣᠮᠠ᠄ 《ᠪᠢ ᠲᠡᠭᠦᠨ ᠦ ᠭᠠᠷ ᠳᠠᠬᠢ ᠬᠠᠳᠠᠭᠠᠰᠤᠨ ᠤ ᠰᠣᠷᠪᠢ ᠶᠢ ᠦᠵᠡᠵᠦ᠂ ᠬᠠᠳᠠᠭᠠᠰᠤᠨ ᠤ ᠣᠷᠣᠮ ᠳᠤᠨᠢ ᠬᠤᠷᠤᠭᠤ ᠪᠠᠨ ᠬᠢᠵᠦ᠂ ᠰᠦᠪᠡᠭᠡ ᠤᠷᠤᠭᠤ ᠨᠢ ᠭᠠᠷ ᠢᠶᠠᠨ ᠬᠢᠵᠦ ᠦᠵᠡᠬᠦ ᠡᠴᠡ ᠨᠠᠰᠢ ᠶᠡᠷᠦ ᠢᠲᠡᠭᠡᠬᠦ ᠦᠭᠡᠢ》 ᠭᠡᠵᠦ ᠲᠡᠳᠡᠨ ᠳᠦ ᠬᠡᠯᠡᠵᠡᠢ᠃
26 ᠨᠠᠢ᠌ᠮᠠ ᠬᠣᠨᠣᠭ ᠤᠨ ᠳᠠᠷᠠᠭ᠎ᠠ᠂ ᠱᠠᠪᠢ ᠨᠠᠷ ᠨᠢ ᠮᠥᠨ ᠭᠡᠷ ᠲᠡᠭᠡᠨ ᠪᠠᠢᠬᠤ ᠳᠤ᠂ ᠲᠣᠮᠠ ᠴᠤ ᠲᠡᠳᠡᠨ ᠲᠡᠢ ᠬᠠᠮᠲᠤ ᠪᠠᠢᠪᠠ᠃ ᠬᠠᠭᠠᠯᠭ᠎ᠠ ᠨᠢ ᠲᠦᠭᠵᠢᠶᠡᠲᠡᠢ ᠪᠠᠢᠬᠤ ᠳᠤ᠂ ᠢᠰᠦ᠋ᠰ ᠢᠷᠡᠭᠡᠳ ᠲᠡᠳᠡᠨ ᠦ ᠳᠤᠮᠳᠠ ᠵᠣᠭᠰᠣᠵᠤ᠄ 《ᠠᠮᠤᠷ ᠠᠮᠤᠭᠤᠯᠠᠩ ᠪᠣᠯᠲᠤᠭᠠᠢ》 ᠭᠡᠪᠡ᠃ 27 ᠲᠡᠭᠡᠭᠡᠳ ᠲᠣᠮᠠ ᠳᠤ᠄ 《ᠬᠤᠷᠤᠭᠤ ᠪᠠᠨ ᠠᠯᠢ᠂ ᠮᠢᠨᠦ ᠭᠠᠷ ᠢ ᠦᠵᠡ᠃ ᠭᠠᠷ ᠢᠶᠠᠨ ᠠᠯᠢ᠂ ᠮᠢᠨᠦ ᠰᠦᠪᠡᠭᠡ ᠤᠷᠤᠭᠤ ᠬᠢ᠃ ᠲᠡᠭᠡᠭᠡᠳ ᠢᠲᠡᠭᠡᠯ ᠦᠭᠡᠢ ᠪᠢᠰᠢ᠂ ᠬᠠᠷᠢᠨ ᠢᠲᠡᠭᠡᠯ ᠲᠡᠢ ᠪᠠᠢ》 ᠭᠡᠬᠦ ᠳᠦ᠂ 28 ᠲᠣᠮᠠ ᠲᠡᠭᠦᠨ ᠳᠦ᠄ 《ᠡᠵᠡᠨ ᠮᠢᠨᠢ᠂ ᠪᠤᠷᠬᠠᠨ ᠮᠢᠨᠢ》 ᠭᠡᠪᠡ᠃ 29 ᠢᠰᠦ᠋ᠰ ᠲᠡᠭᠦᠨ ᠳᠦ᠄ 《ᠴᠢ ᠨᠠᠮᠠᠶᠢ ᠬᠠᠷᠠᠭᠰᠠᠨ ᠤᠴᠢᠷ ᠠᠴᠠ ᠢᠲᠡᠭᠡᠨ᠎ᠡ ᠤᠤ︖ ᠬᠠᠷᠠᠭᠰᠠᠨ ᠦᠭᠡᠢ ᠠᠲᠠᠯ᠎ᠠ ᠪᠠᠨ ᠢᠲᠡᠭᠡᠭᠴᠢ ᠨᠢ ᠪᠤᠶᠠᠨ ᠲᠠᠢ》 ᠭᠡᠵᠡᠢ᠃
30 ᠮᠥᠨ ᠡᠨᠡ ᠨᠣᠮ ᠳᠤ ᠪᠢᠴᠢᠭᠡ ᠦᠭᠡᠢ ᠥᠭᠡᠷ᠎ᠡ ᠣᠯᠠᠨ ᠰᠢᠳᠢ ᠲᠡᠮᠳᠡᠭ ᠢ ᠢᠰᠦ᠋ᠰ ᠱᠠᠪᠢ ᠨᠠᠷ ᠤᠨ ᠢᠶᠠᠨ ᠡᠮᠦᠨ᠎ᠡ ᠦᠢᠯᠡᠳᠦᠭᠰᠡᠨ᠃ 31 ᠭᠡᠪᠡᠴᠦ ᠢᠰᠦ᠋ᠰ ᠪᠣᠯ ᠾᠷᠢᠰᠲ᠋ᠣᠰ ᠪᠥᠭᠡᠳ ᠪᠤᠷᠬᠠᠨ ᠤ ᠬᠦᠦ ᠮᠥᠨ ᠭᠡᠳᠡᠭ ᠢ ᠲᠠ ᠨᠠᠷ ᠢᠲᠡᠭᠡᠭᠡᠰᠡᠢ᠂ ᠢᠲᠡᠭᠡᠭᠡᠳ ᠲᠡᠭᠦᠨ ᠦ ᠨᠡᠷ᠎ᠡ ᠪᠡᠷ ᠠᠮᠢ ᠣᠯᠣᠭᠠᠰᠠᠢ ᠭᠡᠵᠦ ᠡᠳᠡᠭᠡᠷ ᠢ ᠯᠠ ᠪᠢᠴᠢᠭᠰᠡᠨ ᠶᠤᠮ᠃