ᠶᠣᠬᠠᠨ ᠠᠷᠪᠠᠨ ᠳᠥᠷᠪᠡ
ᠢᠰᠦ᠋ᠰ ᠱᠠᠪᠢ ᠨᠠᠷ ᠢᠶᠠᠨ ᠲᠠᠢᠳᠬᠤᠷᠠᠭᠤᠯᠤᠭᠰᠠᠨ ᠨᠢ
1 ᠲᠠ ᠨᠠᠷ ᠪᠢᠲᠡᠭᠡᠢ ᠰᠠᠨᠠᠭ᠎ᠠ ᠵᠣᠪᠠ᠃ ᠲᠠ ᠨᠠᠷ ᠪᠤᠷᠬᠠᠨ ᠢ ᠢᠲᠡᠭᠡᠵᠦ᠂ ᠨᠠᠮᠠᠶᠢ ᠢᠲᠡᠭᠡᠭᠡᠷᠡᠢ 20 ᠂ 2 ᠮᠢᠨᠦ ᠡᠴᠢᠭᠡ ᠶᠢᠨ ᠭᠡᠷ ᠲᠦ ᠶᠡᠬᠡ ᠵᠠᠢ ᠪᠤᠢ᠃ ᠬᠡᠷᠪᠡ ᠲᠡᠢᠮᠦ ᠪᠢᠰᠢ ᠪᠣᠯ ᠪᠢ ᠲᠠ ᠨᠠᠷ ᠲᠤ ᠬᠡᠯᠡᠬᠦ ᠪᠠᠢᠭᠰᠠᠨ᠃ ᠪᠢ ᠲᠠ ᠨᠠᠷ ᠲᠤ ᠭᠠᠵᠠᠷ ᠪᠡᠯᠡᠳᠬᠡᠬᠦ ᠪᠡᠷ ᠶᠠᠪᠤᠨ᠎ᠠ᠃ 3 ᠪᠢ ᠶᠠᠪᠤᠵᠤ᠂ ᠲᠠ ᠨᠠᠷ ᠲᠤ ᠭᠠᠵᠠᠷ ᠪᠡᠯᠡᠳᠬᠡᠴᠢᠬᠡᠭᠡᠳ ᠳᠠᠬᠢᠨ ᠢᠷᠡᠵᠦ᠂ ᠲᠠ ᠨᠠᠷ ᠢ ᠲᠡᠨᠳᠡ ᠠᠪᠠᠴᠢᠨ᠎ᠠ᠃ ᠪᠢ ᠬᠠᠮᠢᠭ᠎ᠠ ᠪᠠᠢᠪᠠᠯ ᠲᠠ ᠨᠠᠷ ᠮᠥᠨ ᠲᠡᠨᠳᠡ ᠪᠠᠢᠨ᠎ᠠ᠃ 4 ᠮᠢᠨᠦ ᠣᠴᠢᠬᠤ ᠭᠠᠵᠠᠷ ᠤᠨ ᠵᠠᠮ ᠢ ᠲᠠ ᠨᠠᠷ ᠮᠡᠳᠡᠨ᠎ᠡ》 ᠭᠡᠪᠡ᠃ 5 ᠲᠣᠮᠠ ᠲᠡᠭᠦᠨ ᠳᠦ᠄ 《ᠡᠵᠡᠨ ᠡ᠂ ᠪᠢᠳᠡ ᠲᠠᠨ ᠤ ᠬᠠᠮᠢᠭᠠᠰᠢ ᠪᠠᠨ ᠶᠠᠪᠤᠬᠤ ᠶᠢ ᠮᠡᠳᠡᠬᠦ ᠦᠭᠡᠢ ᠲᠤᠯᠠ᠂ ᠲᠡᠷᠡ ᠵᠠᠮ ᠢ ᠶᠠᠭᠠᠬᠢᠵᠤ ᠮᠡᠳᠡᠬᠦ ᠪᠤᠢ︖》 ᠭᠡᠰᠡᠨ ᠳᠦ᠂ 6 ᠢᠰᠦ᠋ᠰ᠄ 《ᠪᠢ ᠪᠣᠯ ᠵᠠᠮ᠂ ᠦᠨᠡᠨ᠂ ᠠᠮᠢ ᠮᠥᠨ᠃ ᠬᠡᠨ ᠴᠤ ᠨᠠᠳᠠ ᠪᠠᠷ ᠳᠠᠮᠵᠢᠯ ᠦᠭᠡᠢ ᠪᠠᠷ ᠡᠴᠢᠭᠡ ᠳᠦ ᠬᠦᠷᠴᠦ ᠴᠢᠳᠠᠬᠤ ᠦᠭᠡᠢ᠃ 7 ᠬᠡᠷᠪᠡ ᠲᠠ ᠨᠠᠷ ᠨᠠᠮᠠᠶᠢ ᠲᠠᠨᠢᠭᠰᠠᠨ ᠪᠣᠯ᠂ ᠮᠢᠨᠦ ᠡᠴᠢᠭᠡ ᠶᠢ ᠴᠤ ᠮᠥᠨ ᠲᠠᠨᠢᠬᠤ ᠪᠠᠢᠭᠰᠠᠨ᠂ ᠣᠳᠣ ᠠᠴᠠ ᠡᠬᠢᠯᠡᠨ ᠲᠠ ᠨᠠᠷ ᠲᠡᠭᠦᠨ ᠢ ᠲᠠᠨᠢᠵᠤ᠂ ᠲᠡᠭᠦᠨ ᠢ ᠨᠢᠭᠡᠨᠲᠡ ᠬᠠᠷᠠᠯ᠎ᠠ》 ᠭᠡᠯᠡ᠃
8 ᠹᠢᠯᠢᠫ᠄ 《ᠡᠵᠡᠨ ᠡ᠂ ᠪᠢᠳᠡᠨ ᠳᠦ ᠡᠴᠢᠭᠡ ᠪᠡᠨ ᠬᠠᠷᠠᠭᠤᠯᠤᠭᠠᠴᠢ᠂ ᠲᠡᠭᠡᠪᠡᠯ ᠪᠢᠳᠡᠨ ᠦ ᠰᠡᠳᠬᠢᠯ ᠬᠠᠨᠤᠨ᠎ᠠ》 ᠭᠡᠪᠡ᠃ 9 ᠢᠰᠦ᠋ᠰ᠄ 《ᠹᠢᠯᠢᠫ ᠡ᠂ ᠪᠢ ᠲᠠ ᠨᠠᠷ ᠲᠠᠢ ᠡᠢᠮᠦ ᠤᠳᠠᠭᠠᠨ ᠬᠠᠮᠲᠤ ᠪᠠᠢᠬᠤ ᠳᠤ᠂ ᠴᠢ ᠨᠠᠮᠠᠶᠢ ᠲᠠᠨᠢᠭᠰᠠᠨ ᠦᠭᠡᠢ ᠤᠤ︖ ᠨᠠᠮᠠᠶᠢ ᠦᠵᠡᠭᠰᠡᠨ ᠬᠥᠮᠦᠨ ᠡᠴᠢᠭᠡ ᠶᠢ ᠦᠵᠡᠭᠰᠡᠨ᠃ 〈ᠪᠢᠳᠡᠨ ᠳᠦ ᠡᠴᠢᠭᠡ ᠪᠡᠨ ᠬᠠᠷᠠᠭᠤᠯᠤᠭᠠᠴᠢ〉 ᠭᠡᠳᠡᠭ ᠴᠢᠨᠢ ᠶᠠᠭᠤ ᠪᠤᠢ︖ 10 ᠪᠢ ᠡᠴᠢᠭᠡ ᠶᠢᠨ ᠳᠣᠲᠣᠷ᠎ᠠ᠂ ᠡᠴᠢᠭᠡ ᠮᠢᠨᠦ ᠳᠣᠲᠣᠷ᠎ᠠ ᠪᠠᠢᠭ᠎ᠠ ᠭᠡᠳᠡᠭ ᠢ ᠴᠢ ᠢᠲᠡᠭᠡᠬᠦ ᠦᠭᠡᠢ ᠪᠠᠢᠨ᠎ᠠ ᠤᠤ︖ ᠲᠠ ᠨᠠᠷ ᠲᠤ ᠬᠡᠯᠡᠬᠦ ᠦᠭᠡᠰ ᠢᠶᠡᠨ ᠪᠢ ᠲᠠᠪᠠ ᠪᠠᠷ ᠢᠶᠠᠨ ᠶᠠᠷᠢᠳᠠᠭ ᠦᠭᠡᠢ᠃ ᠮᠢᠨᠦ ᠳᠣᠲᠣᠷ᠎ᠠ ᠪᠠᠢᠳᠠᠭ ᠡᠴᠢᠭᠡ ᠥᠪᠡᠷ ᠦᠨ ᠢᠶᠠᠨ ᠠᠵᠢᠯ ᠢ ᠬᠢᠵᠦ ᠪᠤᠢ᠃ 11 ᠪᠢ ᠡᠴᠢᠭᠡ ᠶᠢᠨ ᠳᠣᠲᠣᠷ᠎ᠠ᠂ ᠡᠴᠢᠭᠡ ᠮᠢᠨᠦ ᠳᠣᠲᠣᠷ᠎ᠠ ᠪᠠᠢᠨ᠎ᠠ ᠭᠡᠳᠡᠭ ᠢ ᠢᠲᠡᠭᠡᠭᠲᠦᠨ᠂ ᠡᠰᠡᠬᠦᠯ᠎ᠡ ᠮᠢᠨᠦ ᠬᠢᠭᠰᠡᠨ ᠠᠵᠢᠯ ᠢᠶᠠᠷ ᠢᠲᠡᠭᠡᠭᠲᠦᠨ᠃ 12 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠨᠠᠮᠠᠶᠢ ᠢᠲᠡᠭᠡᠭᠴᠢ ᠨᠢ ᠮᠢᠨᠦ ᠬᠢᠳᠡᠭ ᠠᠵᠢᠯ ᠢ ᠬᠢᠬᠦ ᠲᠡᠳᠦᠢ ᠦᠭᠡᠢ᠂ ᠡᠳᠡᠭᠡᠷ ᠡᠴᠡ ᠠᠭᠤᠤ ᠠᠵᠢᠯ ᠢ ᠴᠤ ᠬᠢᠬᠦ ᠪᠣᠯᠣᠨ᠎ᠠ᠃ ᠤᠴᠢᠷ ᠨᠢ ᠪᠢ ᠡᠴᠢᠭᠡ ᠳᠡᠭᠡᠨ ᠣᠴᠢᠬᠤ ᠪᠠ 13 ᠲᠠ ᠨᠠᠷ ᠮᠢᠨᠦ ᠨᠡᠷ᠎ᠡ ᠪᠡᠷ ᠶᠠᠭᠤ ᠭᠤᠶᠤᠭᠰᠠᠨ ᠴᠤ ᠪᠢ ᠪᠦᠲᠦᠭᠡᠵᠦ ᠥᠭᠭᠥᠨ᠎ᠡ᠃ ᠲᠡᠭᠡᠪᠡᠯ ᠬᠦᠦ ᠡᠴᠡ ᠪᠡᠨ ᠪᠣᠯᠵᠤ ᠡᠴᠢᠭᠡ ᠨᠢ ᠠᠯᠳᠠᠷᠰᠢᠨ᠎ᠠ᠃ 14 ᠲᠠ ᠨᠠᠷ ᠮᠢᠨᠦ ᠨᠡᠷ᠎ᠡ ᠪᠡᠷ ᠨᠠᠳᠠ ᠠᠴᠠ ᠶᠠᠭᠤ ᠭᠤᠶᠤᠭᠰᠠᠨ ᠴᠤ ᠪᠢ ᠪᠦᠲᠦᠭᠡᠵᠦ ᠥᠭᠭᠥᠨ᠎ᠡ᠃
ᠠᠷᠢᠭᠤᠨ ᠰᠦᠨᠡᠰᠦᠨ ᠦ ᠡᠭᠦᠷᠭᠡ
15 ᠲᠠ ᠨᠠᠷ ᠨᠠᠳᠠ ᠳᠤ ᠬᠠᠢᠷᠠᠲᠠᠢ ᠪᠣᠯ ᠮᠢᠨᠦ ᠵᠠᠷᠯᠢᠭ ᠢ ᠰᠠᠬᠢᠬᠤ ᠪᠣᠯᠣᠨ᠎ᠠ᠃ 16 ᠪᠢ ᠡᠴᠢᠭᠡ ᠡᠴᠡ ᠪᠡᠨ ᠭᠤᠶᠤᠶ᠎ᠠ᠂ ᠲᠡᠷᠡ ᠲᠠ ᠨᠠᠷ ᠲᠤ ᠥᠭᠡᠷ᠎ᠡ ᠲᠤᠰᠠᠯᠠᠭᠴᠢ ᠥᠭᠴᠦ᠂ ᠡᠭᠦᠷᠢᠳᠡ ᠲᠠ ᠨᠠᠷ ᠲᠠᠢ ᠬᠠᠮᠲᠤ ᠪᠠᠢᠯᠭᠠᠬᠤ ᠪᠣᠯᠣᠨ᠎ᠠ᠃ 17 ᠲᠡᠷᠡ ᠪᠣᠯ ᠦᠨᠡᠨ ᠦ ᠰᠦᠨᠡᠰᠦ ᠮᠥᠨ᠃ ᠶᠢᠷᠲᠢᠨᠴᠦ ᠲᠡᠭᠦᠨ ᠢ ᠬᠠᠷᠠᠵᠤ ᠴᠢᠳᠠᠬᠤ ᠦᠭᠡᠢ᠂ ᠲᠠᠨᠢᠬᠤ ᠴᠤ ᠦᠭᠡᠢ ᠪᠣᠯᠬᠣᠷ ᠲᠡᠭᠦᠨ ᠢ ᠬᠦᠯᠢᠶᠡᠨ ᠠᠪᠴᠤ ᠦᠯᠦ ᠴᠢᠳᠠᠨ᠎ᠠ᠃ ᠬᠠᠷᠢᠨ ᠲᠠ ᠨᠠᠷ ᠲᠡᠭᠦᠨ ᠢ ᠲᠠᠨᠢᠨ᠎ᠠ᠃ ᠶᠠᠭᠠᠬᠢᠭᠠᠳ ᠭᠡᠪᠡᠯ᠂ ᠲᠡᠷᠡ ᠲᠠ ᠨᠠᠷ ᠲᠠᠢ ᠬᠠᠮᠲᠤ ᠪᠠᠢᠬᠤ ᠪᠥᠭᠡᠳ ᠲᠠ ᠨᠠᠷ ᠤᠨ ᠳᠣᠲᠣᠷ᠎ᠠ ᠪᠠᠢᠬᠤ ᠪᠣᠯᠣᠨ᠎ᠠ᠃
18 ᠪᠢ ᠲᠠ ᠨᠠᠷ ᠢ ᠥᠨᠥᠴᠢᠷᠡᠭᠦᠯᠵᠦ ᠣᠷᠬᠢᠬᠤ ᠦᠭᠡᠢ᠂ ᠲᠠ ᠨᠠᠷ ᠤᠷᠤᠭᠤ ᠢᠷᠡᠨ᠎ᠡ᠃ 19 ᠤᠳᠠᠯ ᠦᠭᠡᠢ ᠶᠢᠷᠲᠢᠨᠴᠦ ᠨᠠᠮᠠᠶᠢ ᠳᠠᠬᠢᠵᠤ ᠬᠠᠷᠠᠬᠤ ᠦᠭᠡᠢ ᠪᠣᠯᠣᠨ᠎ᠠ᠂ ᠬᠠᠷᠢᠨ ᠲᠠ ᠨᠠᠷ ᠨᠠᠮᠠᠶᠢ ᠬᠠᠷᠠᠨ᠎ᠠ᠃ ᠤᠴᠢᠷ ᠨᠢ ᠪᠢ ᠠᠮᠢᠳᠤ ᠪᠠᠢᠨ᠎ᠠ᠂ ᠲᠠ ᠨᠠᠷ ᠴᠤ ᠠᠮᠢᠳᠤ ᠪᠠᠢᠬᠤ ᠪᠣᠯᠣᠨ᠎ᠠ᠃ 20 ᠲᠡᠷᠡ ᠡᠳᠦᠷ ᠪᠣᠯᠬᠤ ᠳᠤ᠂ ᠪᠢ ᠡᠴᠢᠭᠡ ᠶᠢᠨ ᠳᠣᠲᠣᠷ᠎ᠠ᠂ ᠲᠠ ᠨᠠᠷ ᠮᠢᠨᠦ ᠳᠣᠲᠣᠷ᠎ᠠ᠂ ᠪᠢ ᠲᠠ ᠨᠠᠷ ᠤᠨ ᠳᠣᠲᠣᠷ᠎ᠠ ᠪᠠᠢᠬᠤ ᠶᠢ ᠲᠠ ᠨᠠᠷ ᠮᠡᠳᠡᠬᠦ ᠶᠤᠮ᠃ 21 ᠮᠢᠨᠦ ᠵᠠᠷᠯᠢᠭ ᠢ ᠠᠪᠴᠤ᠂ ᠰᠠᠬᠢᠳᠠᠭ ᠬᠥᠮᠦᠨ ᠪᠣᠯ ᠨᠠᠮᠠᠶᠢ ᠬᠠᠢᠷᠠᠯᠠᠭᠴᠢ ᠮᠥᠨ᠃ ᠨᠠᠮᠠᠶᠢ ᠬᠠᠢᠷᠠᠯᠠᠭᠴᠢ ᠮᠢᠨᠦ ᠡᠴᠢᠭᠡ ᠳᠦ ᠬᠠᠢᠷᠠᠯᠠᠭᠳᠠᠨᠠ᠃ ᠪᠢ ᠴᠤ ᠲᠡᠷᠡ ᠬᠥᠮᠦᠨ ᠢ ᠬᠠᠢᠷᠠᠯᠠᠵᠤ᠂ ᠥᠪᠡᠷ ᠢ ᠪᠠᠨ ᠲᠡᠭᠦᠨ ᠳᠦ ᠢᠯᠡᠷᠡᠭᠦᠯᠦᠨ᠎ᠡ》 ᠭᠡᠵᠦ ᠬᠡᠯᠡᠪᠡ᠃ 22 ᠶᠦᠳᠠ (ᠢᠰᠺᠠᠷᠢᠣᠲ ᠤᠨ ᠶᠦᠳᠠ ᠪᠤᠰᠤ)᠄ 《ᠡᠵᠡᠨ ᠡ᠂ ᠲᠠᠨ ᠤ ᠪᠢᠳᠡᠨ ᠳᠦ ᠥᠪᠡᠷ ᠢ ᠪᠠᠨ ᠢᠯᠡᠷᠡᠭᠦᠯᠦᠭᠡᠳ᠂ ᠶᠢᠷᠲᠢᠨᠴᠦ ᠳᠦ ᠢᠯᠡᠷᠡᠭᠦᠯᠬᠦ ᠦᠭᠡᠢ ᠭᠡᠳᠡᠭ ᠴᠢᠨᠢ ᠶᠠᠭᠤ ᠪᠤᠢ︖》 ᠭᠡᠵᠦ ᠠᠰᠠᠭᠤᠬᠤ ᠳᠤ᠂ 23 ᠢᠰᠦ᠋ᠰ᠄ 《ᠬᠡᠨ ᠨᠠᠮᠠᠶᠢ ᠬᠠᠢᠷᠠᠯᠠᠪᠠᠯ ᠮᠢᠨᠦ ᠦᠭᠡ ᠶᠢ ᠰᠠᠬᠢᠬᠤ ᠪᠥᠭᠡᠳ ᠮᠢᠨᠦ ᠡᠴᠢᠭᠡ ᠲᠡᠭᠦᠨ ᠢ ᠬᠠᠢᠷᠠᠯᠠᠨ᠎ᠠ᠃ ᠪᠢᠳᠡ ᠲᠡᠷᠡ ᠬᠥᠮᠦᠨ ᠤᠷᠤᠭᠤ ᠣᠴᠢᠵᠤ᠂ ᠲᠡᠭᠦᠨ ᠲᠡᠢ ᠬᠠᠮᠲᠤ ᠰᠠᠭᠤᠨ᠎ᠠ᠃ 24 ᠨᠠᠮᠠᠶᠢ ᠦᠯᠦ ᠬᠠᠢᠷᠠᠯᠠᠭᠴᠢ ᠨᠢ ᠮᠢᠨᠦ ᠦᠭᠡ ᠶᠢ ᠰᠠᠬᠢᠳᠠᠭ ᠦᠭᠡᠢ᠃ ᠲᠠ ᠨᠠᠷ ᠤᠨ ᠰᠣᠨᠣᠰᠴᠤ ᠪᠠᠢᠭ᠎ᠠ ᠦᠭᠡ ᠪᠣᠯ ᠮᠢᠨᠦᠬᠢ ᠪᠢᠰᠢ᠂ ᠬᠠᠷᠢᠨ ᠨᠠᠮᠠᠶᠢ ᠢᠯᠡᠭᠡᠭᠰᠡᠨ ᠡᠴᠢᠭᠡ ᠶᠢᠨ ᠬᠢ ᠪᠢᠯᠡ᠃
25 ᠪᠢ ᠲᠠ ᠨᠠᠷ ᠲᠠᠢ ᠬᠠᠮᠲᠤ ᠪᠠᠢᠬᠤ ᠳᠠᠭᠠᠨ ᠡᠳᠡᠭᠡᠷ ᠢ ᠬᠡᠯᠡᠯ᠎ᠡ᠃ 26 ᠬᠠᠷᠢᠨ ᠲᠤᠰᠠᠯᠠᠭᠴᠢ᠂ ᠥᠭᠡᠷ᠎ᠡ ᠪᠡᠷ ᠬᠡᠯᠡᠪᠡᠯ᠂ ᠮᠢᠨᠦ ᠨᠡᠷ᠎ᠡ ᠪᠡᠷ ᠡᠴᠢᠭᠡ ᠶᠢᠨ ᠮᠢᠨᠢ ᠢᠯᠡᠭᠡᠬᠦ ᠠᠷᠢᠭᠤᠨ ᠰᠦᠨᠡᠰᠦ ᠲᠠ ᠨᠠᠷ ᠲᠤ ᠠᠯᠢᠪᠠ ᠶᠢ ᠵᠢᠭᠠᠬᠤ ᠪᠥᠭᠡᠳ ᠮᠢᠨᠦ ᠲᠠ ᠨᠠᠷ ᠲᠤ ᠬᠡᠯᠡᠭᠰᠡᠨ ᠪᠦᠭᠦᠳᠡ ᠶᠢ ᠰᠠᠨᠠᠭᠤᠯᠬᠤ ᠪᠣᠯᠣᠨ᠎ᠠ᠃ 27 ᠪᠢ ᠲᠠ ᠨᠠᠷ ᠲᠤ ᠠᠮᠤᠭᠤᠯᠠᠩ ᠢ ᠦᠯᠡᠳᠡᠭᠡᠶ᠎ᠡ᠃ ᠥᠪᠡᠷ ᠦᠨ ᠠᠮᠤᠭᠤᠯᠠᠩ ᠢ ᠲᠠ ᠨᠠᠷ ᠲᠤ ᠥᠭᠭᠥᠶ᠎ᠡ᠃ ᠮᠢᠨᠦ ᠥᠭᠳᠡᠭ ᠨᠢ ᠡᠨᠡ ᠶᠢᠷᠲᠢᠨᠴᠦ ᠶᠢᠨ ᠥᠭᠳᠡᠭ ᠡᠴᠡ ᠥᠭᠡᠷ᠎ᠡ ᠶᠤᠮ᠃ ᠲᠠ ᠨᠠᠷ ᠰᠡᠳᠬᠢᠯ ᠢᠶᠠᠨ ᠪᠢᠲᠡᠭᠡᠢ ᠵᠣᠪᠠᠭ᠎ᠠ᠂ ᠪᠢᠲᠡᠭᠡᠢ ᠠᠶᠤ᠃ 28 〈ᠪᠢ ᠶᠠᠪᠤᠭᠠᠳ᠂ ᠲᠠ ᠨᠠᠷ ᠤᠷᠤᠭᠤ ᠡᠷᠭᠢᠵᠦ ᠢᠷᠡᠨ᠎ᠡ〉 ᠭᠡᠵᠦ ᠮᠢᠨᠦ ᠬᠡᠯᠡᠭᠰᠡᠨ ᠢ ᠲᠠ ᠨᠠᠷ ᠰᠣᠨᠣᠰᠣᠯ᠎ᠠ᠃ ᠬᠡᠷᠪᠡ ᠲᠠ ᠨᠠᠷ ᠨᠠᠮᠠᠶᠢ ᠬᠠᠢᠷᠠᠯᠠᠳᠠᠭ ᠪᠣᠯ ᠡᠴᠢᠭᠡ ᠳᠡᠭᠡᠨ ᠣᠴᠢᠵᠤ ᠪᠠᠢᠭ᠎ᠠ ᠳᠤ ᠮᠢᠨᠢ ᠪᠠᠶᠠᠷᠯᠠᠬᠤ ᠪᠠᠢᠭᠰᠠᠨ᠃ ᠶᠠᠭᠠᠬᠢᠭᠠᠳ ᠭᠡᠪᠡᠯ᠂ ᠡᠴᠢᠭᠡ ᠨᠠᠳᠠ ᠠᠴᠠ ᠠᠭᠤᠤ ᠶᠤᠮ᠃ 29 ᠡᠢᠮᠦ ᠶᠠᠪᠤᠳᠠᠯ ᠪᠣᠯᠬᠤ ᠦᠶ᠎ᠡ ᠳᠦ ᠲᠠ ᠨᠠᠷ ᠢ ᠢᠲᠡᠭᠡᠭᠡᠰᠡᠢ ᠬᠡᠮᠡᠨ᠂ ᠡᠢᠮᠦ ᠶᠠᠪᠤᠳᠠᠯ ᠪᠣᠯᠬᠤ ᠠᠴᠠ ᠡᠮᠦᠨ᠎ᠡ ᠪᠢ ᠲᠠ ᠨᠠᠷ ᠲᠤ ᠤᠷᠢᠳᠴᠢᠯᠠᠨ ᠬᠡᠯᠡᠯ᠎ᠡ᠃ 30 ᠡᠭᠦᠨ ᠡᠴᠡ ᠬᠣᠢᠰᠢ ᠪᠢ ᠲᠠ ᠨᠠᠷ ᠲᠠᠢ ᠣᠯᠠᠨ ᠶᠠᠭᠤᠮ᠎ᠠ ᠶᠠᠷᠢᠬᠤ ᠦᠭᠡᠢ᠃ ᠤᠴᠢᠷ ᠨᠢ ᠡᠨᠡ ᠶᠢᠷᠲᠢᠨᠴᠦ ᠶᠢᠨ ᠵᠠᠬᠢᠷᠤᠭᠴᠢ ᠢᠷᠡᠵᠦ ᠪᠠᠢᠨ᠎ᠠ᠃ ᠲᠡᠷᠡ ᠨᠠᠮᠠᠶᠢ ᠶᠠᠭᠠᠬᠢᠵᠤ ᠴᠤ ᠴᠢᠳᠠᠬᠤ ᠦᠭᠡᠢ᠃ 31 ᠬᠠᠷᠢᠨ ᠪᠢ ᠡᠴᠢᠭᠡ ᠪᠡᠨ ᠬᠠᠢᠷᠠᠯᠠᠳᠠᠭ ᠢᠶᠠᠨ᠂ ᠡᠴᠢᠭᠡ ᠶᠢᠨ ᠨᠠᠳᠠ ᠳᠤ ᠵᠠᠬᠢᠭᠰᠠᠨ ᠶᠣᠰᠣᠭᠠᠷ ᠯᠠ ᠬᠢᠳᠡᠭ ᠢᠶᠡᠨ ᠶᠢᠷᠲᠢᠨᠴᠦ ᠳᠦ ᠮᠡᠳᠡᠭᠦᠯᠬᠦ ᠶᠣᠰᠣᠲᠠᠢ᠃ ᠪᠣᠰᠴᠠᠭ᠎ᠠ᠂ ᠡ᠊ᠨᠳᠡ ᠡᠴᠡ ᠶᠠᠪᠤᠵᠠᠭᠠᠶ᠎ᠠ᠃